ᠠᠯᠲᠠᠨ ᠤ ᠬᠠᠩᠰᠢ ᠪᠤᠴᠠᠭᠠᠳ ᠦᠰᠦᠯ᠎ᠡ  | News.MN

ᠠᠯᠲᠠᠨ ᠤ ᠬᠠᠩᠰᠢ ᠪᠤᠴᠠᠭᠠᠳ ᠦᠰᠦᠯ᠎ᠡ 

ᠠᠮᠧᠷᠢᠺᠠ ᠶᠢᠨ ᠬᠣᠯᠪᠣᠭᠠᠨ ᠤ ᠨᠥᠭᠡᠴᠡ ᠶᠢᠨ ᠪᠠᠩᠬᠢ ᠪᠣᠳᠣᠯᠭ᠎ᠠ ᠶᠢᠨ ᠬᠦᠦ ᠪᠡᠨ 0.25 ᠬᠤᠪᠢ ᠪᠠᠷ ᠪᠠᠭᠤᠷᠠᠭᠤᠯᠤᠭᠰᠠᠨ ᠲᠠᠢ ᠬᠣᠯᠪᠣᠭᠠᠲᠠᠢ ᠪᠠᠷ ᠠᠯᠲᠠᠨ ᠤ ᠬᠠᠩᠰᠢ ᠰᠡᠭᠦᠯ ᠦᠨ ᠬᠣᠶᠠᠷ ᠡᠳᠦᠷ ᠲᠣᠭᠲᠠᠪᠤᠷᠢ ᠦᠭᠡᠢ ᠪᠠᠶᠢᠨ᠎ᠠ᠃ ᠤᠷᠵᠢᠳᠤᠷ ᠰᠥᠨᠢ 20 ᠳ᠋ᠣᠯᠯᠠᠷ ᠢᠶᠠᠷ ᠤᠨᠠᠵᠤ 1427 ᠳ᠋ᠣᠯᠯᠠᠷ ᠠᠴᠠ 1405 ᠍ ᠳᠦ ᠬᠦᠷᠦᠭᠰᠡᠨ᠃ ᠲᠡᠭᠡᠪᠡᠯ ᠰᠥᠨᠢ ᠶᠢᠨ ᠳᠣᠲᠣᠷ᠎ᠠ ᠠᠬᠢᠭᠠᠳ ᠥᠰᠴᠦ᠂ ᠣᠳᠣ ᠶᠢᠨ ᠪᠠᠶᠢᠳᠠᠯ ᠢᠶᠠᠷ ᠳᠡᠯᠡᠬᠡᠢ ᠶᠢᠨ ᠵᠠᠬ᠎ᠠ ᠵᠡᠭᠡᠯᠢ ᠳᠡᠭᠡᠷ᠎ᠡ ᠠᠯᠲᠠᠨ ᠤ ᠬᠠᠩᠰᠢ 1432 ᠪᠣᠯᠤᠭᠠᠳ ᠪᠠᠶᠢᠨ᠎ᠠ᠃ ᠥᠭᠡᠷ᠎ᠡ ᠪᠡᠷ ᠬᠡᠯᠡᠪᠡᠯ᠂ ᠠᠩᠬ᠎ᠠ ᠤᠨᠠᠭᠰᠠᠨ  ᠬᠠᠩᠰᠢ ᠠᠴᠠ ᠪᠠᠨ 30 ᠣᠷᠴᠢᠮ ᠳ᠋ᠣᠯᠯᠠᠷ ᠢᠶᠠᠷ ᠦᠰᠦᠯ᠎ᠡ᠃ ᠬᠠᠩᠰᠢ ᠶᠢᠨ ᠥᠰᠦᠯᠲᠡ ᠶᠢᠨ ᠲᠠᠯ᠎ᠠ ᠪᠠᠷ ᠡᠳ᠋ ᠍ ᠦᠨ ᠵᠠᠰᠠᠭ ᠤᠨ ᠰᠢᠨᠵᠢᠭᠡᠴᠢ ᠭ∙ᠮᠦᠩᠬᠡᠡᠷᠳᠡᠨᠢ ᠄ ᠬᠢᠲᠠᠳ ᠤᠨ 300 ᠲᠡᠷᠪᠤᠮ ᠤᠨ ᠪᠦᠲᠦᠭᠡᠭᠳᠡᠬᠦᠨ ᠳᠦ 10  ᠬᠤᠪᠢ ᠶᠢᠨ ᠲᠠᠷᠢᠹ ᠰᠢᠨ᠎ᠡ ᠪᠡᠷ ᠨᠣᠭᠳᠠᠭᠤᠯᠬᠤ ᠪᠠᠷ ᠪᠣᠯᠤᠭᠰᠠᠨ ᠨᠢ ᠠᠯᠲᠠᠨ ᠤ ᠬᠠᠩᠰᠢ 30 ᠳ᠋ᠣᠯᠯᠠᠷ ᠢᠶᠠᠷ ᠣᠭᠴᠣᠮ ᠥᠰᠬᠦ ᠳᠦ ᠨᠥᠯᠦᠭᠡᠯᠡᠭᠰᠡᠨ ᠭᠡᠵᠦ ᠲᠠᠶᠢᠯᠪᠤᠷᠢᠯᠠᠵᠤ ᠪᠠᠶᠢᠨ᠎ᠠ᠃ ᠠᠯᠲᠠᠨ ᠤ ᠬᠠᠩᠰᠢ ᠶᠢ ᠡᠨᠡ ᠣᠨ ᠳᠤ 1500 ᠳ᠋ᠣᠯᠯᠠᠷ ᠬᠦᠷᠦᠨ᠎ᠡ ᠭᠡᠵᠦ ᠣᠯᠠᠨ ᠤᠯᠤᠰ ᠤᠨ  ᠸᠠᠯᠢᠶᠤᠲ ᠰᠠᠩ ᠦᠨ ᠰᠢᠨᠵᠢᠭᠡᠴᠢᠳ ᠲᠣᠭᠠᠴᠠᠭᠠᠳ ᠪᠤᠢ᠃

ᠰᠡᠳᠬᠢᠭᠳᠡᠯ ᠦᠯᠡᠳᠡᠭᠡᠬᠦ