ᠢᠨᠹᠯᠢᠶᠠᠼ 9.6 ᠬᠤᠪᠢ ᠲᠠᠢ ᠪᠠᠶᠢᠨ᠎ᠠ  | News.MN

ᠢᠨᠹᠯᠢᠶᠠᠼ 9.6 ᠬᠤᠪᠢ ᠲᠠᠢ ᠪᠠᠶᠢᠨ᠎ᠠ 

ᠢᠨᠹᠯᠢᠶᠠᠼ ᠤᠨ ᠲᠦᠪᠰᠢᠨ ᠨᠡᠮᠡᠭᠳᠡᠵᠡᠢ᠃ ᠲᠣᠳᠣᠷᠠᠭᠤᠯᠪᠠᠯ᠂ ᠥᠩᠭᠡᠷᠡᠭᠰᠡᠨ ᠣᠨ ᠤ ᠬᠠᠭᠠᠰ ᠵᠢᠯ ᠳᠦ 7.2 ᠬᠤᠪᠢ ᠪᠠᠶᠢᠭᠰᠠᠨ ᠢᠨᠹᠯᠢᠶᠠᠼ ᠡᠨᠡ ᠣᠨ ᠳᠤ 9.6 ᠬᠤᠪᠢ ᠪᠠᠶᠢᠨ᠎ᠠ᠃ ᠲᠥᠪ ᠪᠠᠩᠬᠢ ᠢᠨᠹᠯᠢᠶᠠᠼ ᠤᠨ ᠲᠦᠪᠰᠢᠨ ᠢ ᠨᠠᠢᠮᠠᠨ ᠬᠤᠪᠢ ᠳᠤ ᠪᠠᠷᠢᠬᠤ ᠪᠠᠷ ᠵᠣᠷᠢᠵᠤ ᠪᠠᠶᠢᠭ᠎ᠠ᠃ ᠡᠨᠡ ᠣᠨ  ᠳᠤ ᠬᠠᠲᠠᠭᠤ ᠲᠦᠯᠡᠰᠢ ᠪᠤᠶᠤ ᠨᠡᠭᠦᠷᠡᠰᠦ᠂ ᠰᠢᠩᠭᠡᠨ ᠲᠦᠯᠡᠰᠢ ᠪᠤᠶᠤ ᠰᠢᠲᠠᠬᠤᠨ᠂ ᠮᠢᠬᠠᠨ ᠤ ᠦᠨ᠎ᠡ ᠶᠢᠨ ᠥᠰᠦᠯᠲᠡ ᠢᠨᠹᠯᠢᠶᠠᠼ ᠢ ᠨᠡᠮᠡᠭᠰᠡᠨ᠃ ᠲᠣᠳᠣᠷᠠᠭᠤᠯᠪᠠᠯ᠂ ᠲᠠᠪᠤᠳᠤᠭᠠᠷ ᠰᠠᠷ᠎ᠠ ᠶᠢᠨ 15  ᠠᠴᠠ ᠨᠡᠶᠢᠰᠯᠡᠯ ᠤᠷᠤᠭᠤ ᠨᠡᠭᠦᠷᠡᠰᠦ ᠣᠷᠣᠭᠤᠯᠬᠤ ᠦᠭᠡᠢ ᠲᠡᠢ ᠬᠣᠯᠪᠣᠭᠠᠲᠠᠢ ᠪᠠᠷ ᠡᠪᠦᠯ᠂ ᠬᠠᠪᠤᠷ ᠤᠨ ᠲᠤᠷᠰᠢ ᠬᠠᠲᠠᠭᠤ ᠲᠦᠯᠡᠰᠢᠨ ᠦ ᠦᠨ᠎ᠡ ᠥᠰᠦᠭᠰᠡᠨ᠃ ᠲᠡᠭᠡᠪᠡᠯ ᠰᠢᠲᠠᠬᠤᠨ ᠤ ᠲᠤᠬᠠᠢ ᠳᠤ ᠳᠡᠯᠡᠬᠡᠢ ᠶᠢᠨ ᠵᠠᠬ᠎ᠠ ᠵᠡᠭᠡᠯᠢ ᠶᠢᠨ ᠦᠨ᠎ᠡ ᠶᠢᠨ ᠥᠰᠦᠯᠲᠡ ᠲᠡᠢ ᠬᠣᠯᠪᠣᠭᠠᠲᠠᠢ ᠪᠠᠷ ᠳᠤᠲᠤᠭᠠᠳᠤ ᠳᠤ ᠵᠢᠵᠢᠭᠯᠡᠩ ᠦᠨ ᠦᠨ᠎ᠡ ᠥᠰᠦᠭᠰᠡᠨ ᠶᠤᠮ᠃ ᠬᠠᠷᠢᠨ ᠮᠢᠬᠠᠨ ᠤ ᠡᠺᠰᠫᠣᠷᠲ ᠨᠡᠮᠡᠭᠳᠡᠵᠦ᠂ ᠳᠤᠲᠤᠭᠠᠳᠤ ᠳᠤ ᠡᠷᠢᠯᠲᠠ ᠪᠠᠭᠠᠰᠴᠤ᠂ ᠦᠨ᠎ᠡ ᠨᠡᠮᠡᠭᠳᠡᠭᠰᠡᠨ᠃

ᠰᠡᠳᠬᠢᠭᠳᠡᠯ ᠦᠯᠡᠳᠡᠭᠡᠬᠦ