ᠠᠯᠲᠠᠨ ᠤ ᠬᠠᠩᠰᠢ 20 ᠳ᠋ᠣᠯᠯᠠᠷ ᠢᠶᠠᠷ ᠪᠠᠭᠤᠯ᠎ᠠ  | News.MN

ᠠᠯᠲᠠᠨ ᠤ ᠬᠠᠩᠰᠢ 20 ᠳ᠋ᠣᠯᠯᠠᠷ ᠢᠶᠠᠷ ᠪᠠᠭᠤᠯ᠎ᠠ 

ᠥᠴᠥᠭᠡᠳᠦᠷ 1427 ᠳ᠋ᠣᠯᠯᠠᠷ ᠬᠦᠷᠦᠭᠡᠳ ᠪᠠᠶᠢᠭᠰᠠᠨ ᠠᠯᠲᠠᠨ ᠤ ᠬᠠᠩᠰᠢ ᠰᠥᠨᠢ ᠶᠢᠨ ᠳᠣᠲᠣᠷ᠎ᠠ 20 ᠳ᠋ᠣᠯᠯᠠᠷ ᠢᠶᠠᠷ ᠪᠠᠭᠤᠷᠠᠵᠤ ᠂ 1405 ᠳ᠋ᠣᠯᠯᠠᠷ ᠪᠣᠯᠪᠠ᠃ ᠠᠯᠲᠠᠨ ᠤ ᠬᠠᠩᠰᠢ ᠶᠢ ᠡᠨᠡ ᠣᠨ ᠳᠤ 1500 ᠳ᠋ᠣᠯᠯᠠᠷ  ᠬᠦᠷᠦᠨ᠎ᠡ ᠭᠡᠵᠦ ᠣᠯᠠᠨ ᠤᠯᠤᠰ ᠤᠨ ᠸᠠᠯᠢᠶᠤᠲ ᠤᠨ ᠰᠠᠩ ᠦᠨ ᠰᠢᠨᠵᠢᠭᠡᠴᠢᠳ ᠲᠣᠭᠠᠴᠠᠭᠠᠳ ᠪᠤᠢ᠃ ᠬᠠᠩᠰᠢ ᠴᠤ ᠥᠰᠦᠯᠲᠡ ᠲᠡᠢ ᠪᠠᠶᠢᠭᠰᠠᠨ ᠶᠤᠮ᠃ ᠲᠡᠭᠡᠪᠡᠯ ᠡᠨᠡ ᠤᠳᠠᠭ᠎ᠠ ᠶᠢᠨ ᠬᠠᠩᠰᠢᠨ ᠤ ᠤᠨᠠᠯᠲᠠ ᠨᠢ ᠠᠮᠧᠷᠢᠺᠠ ᠶᠢᠨ ᠬᠣᠯᠪᠣᠭᠠᠨ ᠤ ᠨᠥᠭᠡᠴᠡ ᠶᠢᠨ ᠪᠠᠩᠬᠢ ᠪᠣᠳᠣᠯᠭ᠎ᠠ ᠶᠢᠨ ᠬᠦᠦ ᠪᠡᠨ 0.25 ᠬᠤᠪᠢ ᠪᠠᠷ ᠪᠠᠭᠤᠷᠠᠭᠤᠯᠤᠭᠰᠠᠨ ᠲᠠᠢ ᠬᠣᠯᠪᠣᠭ᠎ᠠ ᠲᠠᠢ ᠶᠤᠮ᠃ ᠡᠨᠡ ᠲᠤᠬᠠᠢ ᠡᠳ᠋  ᠦᠨ ᠵᠠᠰᠠᠭ ᠤᠨ ᠰᠢᠨᠵᠢᠭᠡᠴᠢ ᠭ ∙ ᠮᠦᠩᠬᠡᠡᠷᠳᠡᠨᠢ ᠄2015 ᠣᠨ ᠠᠴᠠ ᠬᠣᠶᠢᠰᠢ ᠪᠣᠳᠣᠯᠭ᠎ᠠ ᠶᠢᠨ ᠬᠦᠦ ᠪᠡᠨ 8 ᠤᠳᠠᠭ᠎ᠠ ᠥᠰᠬᠡᠵᠦ 0.25 ᠬᠤᠪᠢ ᠠᠴᠠ 2.5 ᠬᠤᠪᠢ ᠬᠦᠷᠲᠡᠯ᠎ᠡ ᠥᠰᠬᠡᠭᠡᠳ ᠪᠠᠶᠢᠭᠰᠠᠨ ᠠᠮᠧᠷᠢᠺᠠ ᠶᠢᠨ ᠬᠣᠯᠪᠣᠭᠠᠨ ᠤ ᠨᠥᠭᠡᠴᠡ ᠶᠢᠨ ᠪᠠᠩᠬᠢ ᠥᠨᠥᠳᠥᠷ ᠤᠯᠠᠭᠠᠨᠪᠠᠭᠠᠲᠤᠷ ᠤᠨ ᠴᠠᠭ ᠢᠶᠠᠷ 02.00 ᠴᠠᠭ ᠲᠤ ᠡᠭᠡᠯᠵᠢᠲᠦ ᠬᠤᠷᠠᠯ ᠤᠨ ᠰᠢᠢᠳᠪᠦᠷᠢ ᠪᠡᠨ ᠵᠠᠷᠯᠠᠯ᠎ᠠ᠃ ᠡᠨᠡ ᠤᠳᠠᠭ᠎ᠠ ᠳᠤ ᠨᠥᠭᠡᠴᠡ ᠶᠢᠨ ᠪᠠᠩᠬᠢ ᠬᠦᠦ ᠶᠢ 0.25 ᠬᠤᠪᠢ ᠪᠠᠷ ᠪᠠᠭᠤᠷᠠᠭᠤᠯᠵᠤ 2.25 ᠬᠤᠪᠢ ᠳᠤ ᠬᠦᠷᠭᠡᠭᠰᠡᠨ ᠢᠶᠡᠷ ᠠᠯᠲᠠᠨ ᠤ ᠬᠠᠩᠰᠢ ᠳᠤ 20 ᠳ᠋ᠣᠯᠯᠠᠷ ᠤᠨ ᠤᠨᠠᠯᠲᠠ ᠶᠢ ᠠᠪᠴᠢᠷᠠᠯ᠎ᠠ᠃ ᠬᠣᠯᠪᠣᠭᠠᠨ ᠤ ᠨᠥᠭᠡᠴᠡ ᠶᠢᠨ ᠪᠠᠩᠬᠢ ᠨᠢ ᠣᠨ ᠤ ᠡᠬᠢᠨ ᠳᠦ ᠬᠦᠦ ᠶᠢ ᠥᠰᠬᠡᠬᠦ ᠲᠤᠬᠠᠢ ᠮᠡᠳᠡᠭᠳᠡᠵᠦ ᠪᠠᠶᠢᠭᠰᠠᠨ ᠪᠣᠯ ᠡᠬᠢᠨ ᠦ ᠬᠠᠭᠠᠰ ᠲᠤ ᠬᠦᠦ ᠪᠠᠭᠤᠷᠠᠭᠤᠯᠬᠤ ᠡᠰᠡᠬᠦ ᠶᠢ ᠠᠵᠢᠭᠯᠠᠵᠤ᠂ ᠬᠦᠯᠢᠶᠡᠴᠡᠲᠡᠢ ᠪᠠᠶᠢᠨ᠎ᠠ ᠭᠡᠰᠡᠨ ᠮᠡᠳᠡᠭᠳᠡᠭᠰᠡᠨ ᠦ ᠳᠠᠷᠠᠭ᠎ᠠ ᠡᠶᠢᠨ ᠬᠦᠦ ᠶᠢ ᠪᠠᠭᠤᠷᠠᠭᠤᠯᠵᠤ ᠪᠠᠶᠢᠨ᠎ᠠ᠃ ᠪᠣᠭᠣᠨᠢ ᠬᠤᠭᠤᠴᠠᠭᠠᠨ ᠳᠤ ᠠᠯᠲᠠᠨ ᠤ ᠬᠠᠩᠰᠢ 1360-1380 ᠬᠦᠷᠲᠡᠯ᠎ᠡ ᠪᠠᠭᠤᠷᠠᠬᠤ ᠮᠠᠭᠠᠳᠯᠠᠯ ᠥᠨᠳᠥᠷ ᠪᠠᠶᠢᠭ᠎ᠠ ᠪᠥᠭᠡᠳ ᠡᠷᠭᠢᠭᠡᠳ ᠡᠳ᠋ ᠍ ᠦᠨ ᠵᠠᠰᠠᠭ ᠤᠨ ᠨᠥᠬᠥᠴᠡᠯ ᠪᠠᠶᠢᠳᠠᠯ ᠲᠠᠢ ᠤᠶᠠᠯᠳᠤᠨ ᠥᠰᠬᠦ ᠴᠢᠭᠯᠡᠯ ᠳᠦ ᠤᠷᠤᠬᠤ ᠮᠠᠭᠠᠳᠯᠠᠯ ᠥᠨᠳᠥᠷ ᠪᠠᠶᠢᠨ᠎ᠠ ᠭᠡᠰᠡᠨ ᠶᠤᠮ ᠃

ᠰᠡᠳᠬᠢᠭᠳᠡᠯ ᠦᠯᠡᠳᠡᠭᠡᠬᠦ