ᠳᠥᠴᠢᠨ ᠤᠷᠠᠨ ᠪᠦᠲᠦᠭᠡᠯᠴᠢ ︽ᠲᠠᠯ᠎ᠠ ᠶᠢᠨ ᠨᠤᠲᠤᠭ ᠤᠨ ᠥᠩᠭᠡ︾  ᠳᠦ ᠨᠢᠭᠡᠳᠴᠡᠢ  | News.MN

  ᠳᠥᠴᠢᠨ ᠤᠷᠠᠨ ᠪᠦᠲᠦᠭᠡᠯᠴᠢ ︽ᠲᠠᠯ᠎ᠠ ᠶᠢᠨ ᠨᠤᠲᠤᠭ ᠤᠨ ᠥᠩᠭᠡ︾  ᠳᠦ ᠨᠢᠭᠡᠳᠴᠡᠢ 

ᠤᠷᠠᠨ ᠳᠠᠷᠬᠠᠨᠴᠢᠳ ᠤᠨ ᠥᠯᠥᠭᠡᠢ ᠨᠤᠲᠤᠭ ᠰᠦᠬᠡᠪᠠᠭᠠᠲᠤᠷ ᠠᠶᠢᠮᠠᠭ ᠠᠴᠠ ᠲᠥᠷᠥᠨ ᠭᠠᠷᠤᠭᠰᠠᠨ ᠵᠢᠷᠤᠭᠠᠴᠢ᠂ ᠤᠷᠠᠴᠤᠳ ᠤᠨ ᠪᠦᠲᠦᠭᠡᠯ ᠦᠨ ︽ᠲᠠᠯ᠎ᠠ ᠨᠤᠲᠤᠭ ᠤᠨ ᠥᠩᠭᠡ ︾ ᠦᠵᠡᠰᠬᠦᠯᠡᠩ ᠥᠴᠥᠭᠡᠳᠦᠷ ᠤᠷᠠᠴᠤᠳ ᠤᠨ ᠡᠪᠯᠡᠯ ᠦᠨ ᠦᠵᠡᠰᠬᠦᠯᠡᠩ ᠦᠨ ᠲᠠᠩᠬᠢᠮ ᠳᠤ ᠨᠡᠭᠡᠭᠡᠯᠲᠡ ᠪᠡᠨ ᠬᠢᠯ᠎ᠡ᠃ ᠡᠨᠡ ᠤᠳᠠᠭ᠎ᠠ ᠶᠢᠨ ᠦᠵᠡᠰᠬᠦᠯᠡᠩ ᠳᠦ ᠠᠷᠠᠳ ᠤᠨ ᠵᠢᠷᠤᠭᠠᠴᠢ ᠳ∙ᠠᠮᠤᠭᠤᠯᠠᠩ ᠤᠨ ︽ᠨᠠᠲ᠋ᠦ᠋ᠷ︾᠂ ᠣ᠊∙ᠳᠠᠰᠢᠪᠠᠯᠪᠠᠷ ᠠᠭᠰᠠᠨ ᠤ ᠵᠢᠭᠡ ᠶᠢᠨ ᠪᠦᠲᠦᠭᠡᠯ ᠡᠴᠡ ᠡᠬᠢᠯᠡᠭᠡᠳ ᠨᠢᠳᠦ ᠬᠤᠵᠢᠷᠯᠠᠮ᠎ᠠ᠂ ᠰᠡᠳᠬᠢᠯ ᠪᠠᠶᠠᠰᠤᠮ᠎ᠠ᠂ ᠳᠠᠬᠢᠨ ᠳᠠᠪᠲᠠᠭᠳᠠᠰᠢ ᠦᠭᠡᠢ ᠴᠣᠷ ᠭᠠᠭᠴᠠ ᠪᠦᠲᠦᠭᠡᠯ ᠦᠳ ᠢ ᠳᠡᠯᠭᠡᠨ ᠲᠠᠯᠪᠢᠵᠠᠢ᠃
︽ᠲᠠᠯ᠎ᠠ ᠨᠤᠲᠤᠭ ᠤᠨ ᠥᠩᠭᠡ︾ ᠦᠵᠡᠰᠬᠦᠯᠡᠩ ᠳᠦ ᠠᠷᠠᠳ ᠤᠨ ᠵᠢᠷᠤᠭᠠᠴᠢ ᠳ∙ᠠᠮᠤᠭᠤᠯᠠᠩ᠂ ᠤᠷᠠᠯᠢᠭ ᠤᠨ ᠭᠠᠪᠢᠶᠠᠲᠤ ᠵᠢᠳᠬᠦᠯᠲᠡᠨ᠂ ᠤᠷᠠᠨ ᠪᠠᠷᠢᠮᠠᠯᠴᠢ ᠳ∙ᠳᠠᠮᠳᠢᠮ᠎ᠠ᠂ ᠬ∙ᠴᠡᠭᠮᠢᠳ᠂ ᠵᠢᠷᠤᠭᠠᠴᠢ ᠶ∙ ᠣᠶᠤᠨᠴᠢᠮᠡᠭ᠂ ᠳᠠᠷᠢᠭᠠᠩᠭ᠎ᠠ ᠶᠢᠨ ᠠᠯᠳᠠᠷᠲᠤ ᠤᠷᠠᠨ ᠳᠠᠷᠬᠠᠨ ᠮ∙ ᠪᠠᠯᠳᠠᠨᠸᠠᠴᠢᠷ᠂ ᠮ∙ᠵᠤᠨᠳᠤᠢ ᠭᠡᠳ ᠨᠤᠲᠤᠭ ᠤᠰᠤᠨ ᠤ ᠪᠠᠨ ᠨᠡᠷ᠎ᠡ ᠠᠯᠳᠠᠷ ᠢ ᠳᠠᠭᠤᠷᠢᠰᠬᠠᠭᠰᠠᠨ ᠣᠯᠠᠨ ᠠᠷᠪᠠᠨ ᠠᠪᠢᠶᠠᠰᠲᠠᠨ ᠨᠤᠭᠤᠳ ᠤᠨ ᠪᠦᠲᠦᠭᠡᠯ ᠪᠠᠭᠲᠠᠵᠠᠢ᠃
ᠠᠬᠠᠮᠠᠳ ᠵᠢᠷᠤᠭᠠᠴᠢ ᠴ∙ᠪᠠᠳᠢᠷᠴᠢ᠂ ᠪ∙ᠭᠠᠩᠲᠤᠯᠭ᠎ᠠ᠂ ᠪ∙ᠪᠤᠳᠢ᠂ ᠶ∙ᠠᠳᠢᠶ᠎ᠠ᠂ ᠵ∙ᠳᠦᠭᠦᠷᠡᠩᠲᠡᠭᠦᠰ᠂ ᠤᠷᠠᠨ ᠳᠠᠷᠬᠠᠨ ᠱ∙ᠳᠠᠸᠠᠳᠣᠷᠵᠢ᠂ ᠪᠠᠭᠠᠲᠤᠷᠴᠢᠯᠠᠭᠤᠨ ᠪᠣᠯᠤᠨ ᠣᠳᠣ ᠢᠳᠡ ᠪᠦᠲᠦᠭᠡᠨ ᠲᠤᠭᠤᠷᠪᠢᠵᠤ ᠪᠠᠶᠢᠭ᠎ᠠ ᠵᠠᠯᠠᠭᠤ ᠦᠶ᠎ᠡ ᠶᠢᠨ ᠲᠥᠯᠥᠭᠡᠯᠡᠯ ᠪᠣᠯᠤᠭᠰᠠᠨ ᠰᠤᠶᠤᠯ ᠤᠨ ᠭᠠᠪᠢᠶᠠᠲᠤ ᠵᠢᠳᠬᠦᠯᠲᠡᠨ ᠼ∙ᠡᠩᠬᠡᠲᠠᠶᠢᠪᠤᠩ᠂ ᠮ∙ᠡᠷᠳᠡᠨᠢᠪᠠᠶᠠᠷ᠂ ᠳ∙ᠪᠤᠯᠠᠭᠠᠨᠲᠤᠶᠠᠭ᠎ᠠ᠂ ᠳ∙ᠪᠠᠲᠤᠵᠤᠷᠢᠭ᠂ ᠨ∙ᠠᠮᠤᠷᠰᠠᠶᠢᠬᠠᠨ᠂ ᠳ∙ᠠᠮᠤᠷ  ᠵᠡᠷᠭᠡ 40 ᠭᠠᠷᠤᠢ ᠠᠪᠢᠶᠠᠰᠯᠢᠭ ᠤᠷᠠᠨ ᠪᠦᠲᠦᠭᠡᠯᠴᠢ ᠰᠢᠯᠢᠳᠡᠭ ᠪᠦᠲᠦᠭᠡᠯ ᠦᠳ ᠢᠶᠡᠨ ᠳᠡᠯᠭᠡᠵᠡᠢ᠃ ᠤᠷᠠᠨ ᠵᠢᠷᠤᠭ᠂ ᠤᠷᠠᠨ ᠪᠠᠷᠢᠮᠠᠯ᠂ ᠮᠣᠩᠭᠣᠯ ᠵᠢᠷᠤᠭ᠂ ᠸᠠᠭᠠᠷ ᠤᠷᠠᠯᠠᠯ᠂ ᠰᠡᠶᠢᠯᠪᠦᠷᠢ᠂ ᠤᠷᠠᠨ ᠳᠠᠷᠬᠠᠨ᠂ ᠤᠷᠠᠨ ᠪᠢᠴᠢᠯᠭᠡ᠂ ᠴᠢᠮᠡᠭᠯᠡᠬᠦ ᠤᠷᠠᠯᠢᠭ ᠤᠨ ᠲᠥᠷᠥᠯ ᠢᠶᠡᠷ ᠲᠤᠭᠤᠷᠪᠢᠭᠰᠠᠨ ᠨᠡᠶᠢᠲᠡ 60 ᠣᠷᠴᠢᠮ ᠪᠦᠲᠦᠭᠡᠯ ᠢ ᠦᠵᠡᠰᠬᠦᠯᠡᠩ ᠳᠦ ᠳᠡᠯᠭᠡᠭᠰᠡᠨ ᠪᠠᠶᠢᠨ᠎ᠠ᠃

ᠰᠡᠳᠬᠢᠭᠳᠡᠯ ᠦᠯᠡᠳᠡᠭᠡᠬᠦ