︽ᠳᠠᠩᠱᠢᠭ ᠨᠠᠭᠠᠳᠤᠮ ᠬᠦᠷᠢᠶ᠎ᠡ ᠴᠠᠮ 2019 ︾ ᠬᠣᠶᠢᠰᠢᠯᠠᠯ᠎ᠠ  | News.MN

 ︽ᠳᠠᠩᠱᠢᠭ ᠨᠠᠭᠠᠳᠤᠮ ᠬᠦᠷᠢᠶ᠎ᠡ ᠴᠠᠮ 2019 ︾ ᠬᠣᠶᠢᠰᠢᠯᠠᠯ᠎ᠠ 

ᠲᠠᠪᠤᠳᠠᠭᠢ ᠵᠢᠯ ᠳᠦ ᠪᠡᠨ ᠤᠯᠠᠮᠵᠢᠯᠠᠯ ᠪᠣᠯᠤᠨ ᠵᠣᠬᠢᠶᠠᠨ ᠪᠠᠶᠢᠭᠤᠯᠤᠭᠳᠠᠬᠤ ᠲᠡᠦᠬᠡ᠂ ᠱᠠᠰᠢᠨ᠂ ᠰᠤᠶᠤᠯ ᠤᠨ ᠪᠡᠶᠡᠲᠦ ᠪᠣᠯᠤᠨ ᠪᠡᠶᠡᠲᠦ ᠪᠤᠰᠤ ᠬᠡᠯᠪᠡᠷᠢ ᠶᠢ ᠥᠪᠡᠷᠲᠡᠭᠡᠨ  ᠠᠭᠤᠯᠤᠭᠰᠠᠨ  ︽ᠳᠠᠩᠱᠢᠭ ᠨᠠᠭᠠᠳᠤᠮ ᠬᠦᠷᠢᠶ᠎ᠡ ᠴᠠᠮ 2019 ︾ ᠱᠠᠰᠢᠨ ᠰᠤᠶᠤᠯ ᠤᠨ ᠨᠠᠭᠠᠳᠤᠮ ᠬᠣᠶᠢᠰᠢᠯᠠᠵᠠᠢ᠃ ᠲᠤᠰ ᠨᠠᠭᠠᠳᠤᠮ ᠨᠠᠢᠮᠠᠳᠤᠭᠠᠷ ᠰᠠᠷ᠎ᠠ ᠶᠢᠨ ᠡᠬᠢᠨ ᠦ ᠳᠣᠯᠣᠭ᠎ᠠ ᠬᠣᠨᠣᠭ ᠤᠨ ᠠᠮᠠᠷᠠᠯᠲᠠ ᠶᠢᠨ ᠡᠳᠦᠷ ᠪᠤᠶᠤ 2019 ᠣᠨ ᠤ ᠨᠠᠢᠮᠠᠳᠤᠭᠠᠷ ᠰᠠᠷ᠎ᠠ ᠶᠢᠨ 03᠂04 ᠍ ᠳᠦ ᠪᠣᠯᠬᠤ ᠪᠠᠶᠢᠭᠰᠠᠨ ᠴᠤ ᠢᠷᠡᠬᠦ ᠶᠢᠰᠦᠳᠦᠭᠡᠷ ᠰᠠᠷ᠎ᠠ ᠶᠢᠨ 6᠂7 ᠳᠦ ᠲᠥᠪ  ᠴᠡᠩᠭᠡᠯᠳᠦᠬᠦ ᠬᠦᠷᠢᠶᠡᠯᠡᠩ ᠳᠦ ᠵᠣᠬᠢᠶᠠᠨ ᠪᠠᠶᠢᠭᠤᠯᠤᠭᠳᠠᠨ᠎ᠠ ᠭᠡᠳᠡᠭ ᠢ ᠪᠤᠷᠬᠠᠨ ᠱᠠᠰᠢᠨᠲᠠᠨ ᠤ ᠲᠥᠪ ᠭᠠᠨᠳᠠᠨᠳᠡᠭᠴᠢᠯᠡᠨ ᠬᠡᠶᠢᠳ ᠡᠴᠡ ᠮᠡᠳᠡᠭᠳᠡᠯ᠎ᠡ᠃ ᠬᠠᠷᠢᠨ ᠶᠠᠮᠠᠷ ᠰᠢᠯᠲᠠᠭᠠᠨ ᠢᠶᠠᠷ ᠬᠣᠶᠢᠰᠢᠯᠠᠭᠰᠠᠨ ᠨᠢ ᠣᠳᠣ ᠪᠠᠷ ᠲᠣᠳᠣᠷᠬᠠᠢ ᠦᠭᠡᠢ ᠪᠠᠶᠢᠨ᠎ᠠ᠃

ᠰᠡᠳᠬᠢᠭᠳᠡᠯ ᠦᠯᠡᠳᠡᠭᠡᠬᠦ