ᠳ∙ᠠᠨᠠᠷ ᠤᠨ ᠬᠠᠷᠴᠠᠭᠠᠢ ᠴᠣᠯᠠᠨ ᠤ ᠮᠢᠯᠢᠶᠠᠯᠭ᠎ᠠ ᠪᠣᠯᠤᠨ᠎ᠠ  | News.MN

ᠳ∙ᠠᠨᠠᠷ ᠤᠨ ᠬᠠᠷᠴᠠᠭᠠᠢ ᠴᠣᠯᠠᠨ ᠤ ᠮᠢᠯᠢᠶᠠᠯᠭ᠎ᠠ ᠪᠣᠯᠤᠨ᠎ᠠ 

ᠰᠢᠨ᠎ᠡ ᠬᠠᠷᠴᠠᠭᠠᠢ ᠳᠣᠷᠵᠢ ᠶᠢᠨ ᠠᠨᠠᠷ  ᠴᠣᠯᠠᠨ ᠤ ᠮᠢᠯᠢᠶᠠᠯᠭ᠎ᠠ ᠪᠠᠨ ᠲᠥᠷᠥᠯᠬᠢ ᠨᠤᠲᠤᠭ ᠳᠣᠷᠣᠨᠠᠲᠤ ᠠᠶᠢᠮᠠᠭ ᠤᠨ ᠳᠠᠰᠢᠪᠠᠯᠪᠠᠷ ᠰᠤᠮᠤᠨ ᠳᠤ ᠪᠠᠨ ᠡᠨᠡ ᠰᠠᠷ᠎ᠠ ᠶᠢᠨ ᠶᠢᠰᠦᠨ ᠳᠦ ᠬᠢᠬᠦ ᠪᠡᠷ ᠪᠣᠯᠵᠠᠢ᠃ ᠡᠨᠡ ᠦᠶ᠎ᠡ ᠪᠡᠷ ᠶᠡᠬᠡ ᠨᠠᠰᠤᠨ ᠤ ᠮᠣᠷᠢᠳ ᠤᠨ ᠤᠷᠤᠯᠳᠤᠭᠠᠨ᠂ ᠬᠦᠴᠦᠲᠦ ᠪᠥᠬᠡ ᠶᠢᠨ ᠪᠠᠷᠢᠯᠳᠤᠭᠠᠨ ᠪᠣᠯᠬᠤ ᠶᠤᠮ᠃

ᠳ∙ᠠᠨᠠᠷ 2011 ᠣᠨ ᠠᠴᠠ ᠦᠨᠳᠦᠰᠦᠨ ᠦ ᠪᠥᠬᠡ ᠶᠢᠨ ᠡᠷᠴᠢᠮᠲᠡᠢ ᠬᠢᠴᠢᠶᠡᠯᠯᠡᠵᠦ᠂ 2012 ᠣᠨ ᠳᠤ ᠠᠶᠢᠮᠠᠭ ᠤᠨ ᠨᠠᠴᠢᠨ᠂ 2014 ᠣᠨ ᠳᠤ ᠠᠶᠢᠮᠠᠭ ᠤᠨ ᠠᠷᠰᠯᠠᠨ᠂ 2016 ᠣᠨ ᠳᠤ ᠤᠯᠤᠰ ᠤᠨ ᠨᠠᠴᠢᠨ ᠴᠣᠯᠠ ᠶᠢ ᠲᠤᠰ ᠲᠤᠰ ᠬᠦᠷᠲᠡᠭᠰᠡᠨ ᠃ ᠥᠨᠥ ᠵᠢᠯ ᠲᠥᠷᠥ ᠶᠢᠨ ᠶᠡᠬᠡ ᠪᠠᠶᠠᠷ ᠨᠠᠭᠠᠳᠤᠮ ᠤᠨ ᠲᠠᠪᠤ ᠶᠢᠨ ᠳᠠᠪᠠᠭᠠᠨ ᠳᠤ ᠳ∙ᠠᠮᠤᠷᠰᠠᠶᠢᠬᠠᠨ ᠨᠠᠴᠢᠨ ᠢ᠂ ᠵᠢᠷᠭᠤᠭ᠎ᠠ ᠶᠢᠨ ᠳᠠᠪᠠᠭᠠᠨ ᠳᠤ ᠤᠯᠤᠰ ᠤᠨ ᠬᠠᠷᠴᠠᠭ᠎ᠠ ᠪ ∙ ᠪᠠᠲᠤ-ᠥᠯᠵᠡᠢ ᠶᠢ ᠳᠠᠪᠠᠵᠤ ᠂ ᠬᠠᠷᠴᠠᠭᠠᠢ ᠴᠣᠯᠠ ᠬᠦᠷᠲᠡᠭᠡᠳ ᠳᠣᠯᠣᠭ᠎ᠠ ᠶᠢᠨ ᠳᠠᠪᠠᠭᠠᠨ ᠳᠤ ᠲᠦᠷᠦᠭᠦᠦ ᠪᠥᠬᠡ ᠡ᠊∙ᠤᠶᠤᠨᠪᠤᠯᠤᠳ ᠠᠷᠰᠯᠠᠨ ᠲᠠᠢ ᠲᠤᠨᠵᠤ ᠡᠪᠦᠳᠦᠭ ᠰᠢᠷᠤᠶᠢᠳᠠᠭᠰᠠᠨ᠃

ᠰᠡᠳᠬᠢᠭᠳᠡᠯ ᠦᠯᠡᠳᠡᠭᠡᠬᠦ