ᠬᠡᠤᠬᠡᠳ ᠤᠨ ᠵᠢᠷᠤᠭ ᠢᠶᠠᠷ ᠡᠵᠢ ᠨᠠᠷ ᠨᠢ ᠤᠭᠤᠲᠠ ᠬᠢᠵᠡᠢ  | News.MN

 ᠬᠡᠤᠬᠡᠳ ᠤᠨ ᠵᠢᠷᠤᠭ ᠢᠶᠠᠷ ᠡᠵᠢ ᠨᠠᠷ ᠨᠢ ᠤᠭᠤᠲᠠ ᠬᠢᠵᠡᠢ 

ᠨᠡᠶᠢᠯᠡᠭ ᠤᠭᠤᠲᠠᠨ ᠤ  ᠬᠡᠷᠡᠭᠯᠡᠭᠡᠨ ᠢ ᠬᠤᠷᠢᠭᠯᠠᠬᠤ ᠲᠤᠬᠠᠢ ᠬᠠᠤᠯᠢ ᠭᠠᠷᠤᠭᠰᠠᠨ ᠢᠶᠠᠷ ᠳᠠᠪᠤᠤ ᠤᠭᠤᠲᠠ ᠪᠢᠳᠡᠨ ᠦ ᠡᠳᠦᠷ ᠲᠤᠲᠤᠮ ᠤᠨ ᠠᠮᠢᠳᠤᠷᠠᠯ ᠳᠤ ᠴᠢᠬᠤᠯᠠ ᠰᠣᠩᠭᠣᠯᠲᠠ ᠪᠣᠯᠤᠭᠰᠠᠨ ᠪᠢᠯᠡ᠃ ᠲᠡᠭᠡᠪᠡᠯ ᠰᠡᠳᠬᠢᠯ᠂ ᠬᠠᠶᠢᠷ᠎ᠠ᠂ ᠠᠪᠢᠶᠠᠰ ᠰᠢᠩᠭᠡᠭᠰᠡᠨ ᠡᠨᠡ ᠬᠥᠭᠡᠷᠦᠬᠦᠨ ᠤᠭᠤᠲᠠ ᠶᠢ  ᠬᠦᠮᠦᠨ ᠪᠦᠷᠢ ᠳᠦ ᠰᠠᠨᠠᠯ ᠪᠣᠯᠭᠠᠮᠠᠷ ᠪᠠᠶᠢᠨ᠎ᠠ᠃ ᠳ᠋ᠠᠸᠤᠨ ᠲᠠᠢ ᠬᠡᠦᠬᠡᠳ ᠦᠳ ᠢ ᠪᠤᠷᠬᠠᠨ ᠤ ᠪᠡᠯᠡᠭ ᠭᠡᠳᠡᠭ᠃ ᠡᠨᠡ ᠤᠭᠤᠲᠠ ᠲᠡᠳᠡᠨ ‍ᠣ ᠪᠢᠳᠡᠨ ᠳᠦ ᠵᠣᠷᠢᠭᠤᠯᠤᠭᠰᠠᠨ ᠪᠡᠯᠡᠭ ᠶᠤᠮ᠃ ᠮᠣᠩᠭᠣᠯ ᠤᠨ ᠳ᠋ᠠᠸᠤᠨ ᠤ ᠬᠣᠯᠪᠣᠭᠠᠨ ᠤ ᠬᠡᠦᠬᠡᠳ ᠵᠠᠯᠠᠭᠤᠰ ᠤᠨ ᠵᠢᠷᠤᠭᠰᠠᠨ ᠵᠢᠷᠤᠭ ᠢᠶᠠᠷ ᠡᠵᠢ ᠨᠠᠷ ᠨᠢ ᠡᠺᠣ ᠤᠭᠤᠲᠠ ᠣᠶᠣᠳᠠᠭ᠃ ᠤᠭᠤᠲᠠ ᠪᠦᠷᠢ ᠬᠠᠶᠢᠷ᠎ᠠ ᠲᠠᠲᠠᠮ᠎ᠠ ᠵᠢᠷᠤᠭ ᠲᠠᠢ᠃ ᠬᠡᠦᠬᠡᠳ ᠪᠦᠷᠢ ᠶᠢᠨ ᠬᠥᠳᠡᠯᠮᠦᠷᠢ᠂ ᠰᠡᠳᠬᠢᠯ ᠰᠢᠩᠭᠡᠭᠰᠡᠨ ᠨᠢ ᠲᠣᠳᠣᠬᠠᠨ ᠬᠠᠷᠠᠭᠳᠠᠨ᠎ᠠ᠃
︽ᠡᠵᠢ ᠨᠠᠷ ᠬᠡᠦᠬᠡᠳ ᠢᠶᠡᠨ ᠬᠠᠷᠠᠵᠤ ᠬᠠᠨᠳᠤᠬᠤ᠂ ᠠᠰᠠᠷᠠᠬᠤ ᠵᠡᠷᠭᠡ ᠡᠭᠦᠷᠭᠡ ᠶᠡᠬᠡ ᠲᠡᠢ ᠪᠠᠶᠢᠳᠠᠭ ᠤᠴᠢᠷ ᠲᠡᠷᠡ ᠪᠦᠷ ᠠᠵᠢᠯ ᠡᠷᠬᠢᠯᠡᠬᠦ ᠪᠣᠯᠤᠮᠵᠢ ᠦᠭᠡᠢ ᠪᠠᠶᠢᠳᠠᠭ᠃ ᠡᠨᠡ ᠮᠡᠲᠦ ᠰᠢᠯᠲᠠᠭᠠᠨ  ᠡᠴᠡ ᠪᠢᠳᠡ ᠳᠠᠪᠤᠤ ᠤᠭᠤᠲᠠ ᠤᠶᠤᠬᠤ ᠰᠠᠨᠠᠭ᠎ᠠ ᠶᠢ ᠣᠯᠵᠤ᠂ ᠠᠵᠢᠯ ᠬᠡᠷᠡᠭ ᠪᠣᠯᠭᠠᠭᠰᠠᠨ ᠶᠤᠮ᠃ ᠮᠠᠨ ᠤ ᠬᠣᠯᠪᠣᠭᠠᠨ ᠤ 10 ᠡᠵᠢ ᠶᠢᠨ ᠭᠤᠷᠪᠠ ᠨᠢ ᠣᠶᠣᠳᠠᠯ᠂ ᠡᠰᠬᠡᠭᠦᠷ ᠲᠦ ᠪᠡᠨ ᠰᠠᠶᠢᠨ᠃ ᠪᠢᠳᠡᠨ ᠳᠦ ᠲᠣᠨᠣᠭ ᠲᠥᠬᠥᠭᠡᠷᠦᠮᠵᠢ᠂ ᠪᠠᠶᠢᠷᠢᠯᠠᠬᠤ ᠭᠠᠵᠠᠷ ᠭᠡᠬᠦ ᠮᠡᠲᠦ ᠣᠯᠠᠨ ᠠᠰᠠᠭᠤᠳᠠᠯ ᠲᠤᠯᠭᠠᠷᠠᠵᠤ ᠪᠠᠶᠢᠭᠰᠠᠨ ᠬᠡᠳᠦᠢ ᠴᠤ ︽ᠬᠠᠭᠠᠨ ᠳᠠᠭᠠᠳᠬᠠᠯ︾ ᠺᠣᠮᠫᠠᠨᠢ ᠰᠠᠨᠠᠭᠠᠴᠢᠯᠠᠭ᠎ᠠ ᠶᠢ ᠳᠡᠮᠵᠢᠭᠰᠡᠨ ᠢᠶᠡᠷ ᠳᠠᠪᠤᠤ ᠤᠭᠤᠲᠠ ᠪᠠᠨ ᠣᠶᠣᠵᠤ ᠡᠬᠢᠯᠡᠭᠰᠡᠨ᠃ ᠡᠬᠢᠨ ᠳᠦ ᠪᠡᠨ ᠪᠤᠰᠤᠳ ᠲᠤ ᠲᠠᠯᠠᠷᠬᠠᠭᠰᠠᠨ ᠰᠡᠳᠬᠢᠯ ᠢᠶᠡᠨ ᠢᠯᠡᠷᠬᠡᠶᠢᠯᠡᠬᠦ᠂ ᠪᠡᠯᠡᠭᠯᠡᠬᠦ ᠡᠭᠦᠳᠡᠨ ᠡᠴᠡ ᠤᠭᠤᠲᠠᠨ ᠳᠡᠭᠡᠷ᠎ᠡ ᠪᠡᠨ ᠮᠣᠩᠭᠣᠯ ᠤᠨ ᠳ᠋ᠠᠸᠤᠨ ‍ᠣ ᠬᠣᠯᠪᠣᠭᠠᠨ ᠤ ᠯᠤᠭᠤ᠋ ᠶᠢ ᠬᠡᠪᠯᠡᠳᠡᠭ ᠪᠠᠶᠢᠯ᠎ᠠ᠃ WRTogether NPO ᠪᠤᠶᠤ  ︽ᠬᠠᠮᠲᠤ ᠳᠤ ᠪᠠᠨ ᠰᠠᠶᠢᠨ ᠰᠠᠶᠢᠬᠠᠨ ᠤ ᠲᠥᠯᠥᠭᠡ︾ ᠲᠥᠷᠥ ᠶᠢᠨ ᠪᠤᠰᠤ ᠪᠠᠶᠢᠭᠤᠯᠤᠯᠭ᠎ᠠ ᠮᠠᠨ ᠤ ᠬᠣᠯᠪᠣᠭᠠᠨ ᠤ ᠬᠡᠦᠬᠡᠳ ᠵᠠᠯᠠᠭᠤᠰ ᠢ ᠳᠡᠮᠵᠢᠵᠦ᠂ ᠵᠢᠷᠤᠭ ᠤᠨ ᠬᠢᠴᠢᠶᠡᠯ ᠵᠢᠭᠠᠳᠠᠭ ᠶᠤᠮ᠃ ᠲᠡᠳᠡ ᠶᠠᠫᠣᠨ ᠤᠯᠤᠰ ᠲᠤ ᠪᠣᠯᠬᠤ ᠬᠠᠪᠤᠷ ᠤᠨ ᠪᠠᠶᠠᠷ ᠢᠶᠠᠷ ᠬᠡᠦᠬᠡᠳ ᠦᠳ ᠦᠨ ᠵᠢᠷᠤᠭ ᠢ ᠤᠭᠤᠲᠠᠨ ᠳᠡᠭᠡᠷ᠎ᠡ ᠬᠡᠪᠯᠡᠨ ᠰᠤᠷᠲᠠᠯᠴᠢᠯᠠᠬᠤ ᠰᠠᠨᠠᠯ ᠲᠠᠯᠪᠢᠭᠰᠠᠨ ᠨᠢ ᠮᠠᠰᠢ ᠠᠮᠵᠢᠯᠲᠠ ᠲᠠᠢ ᠦᠷ᠎ᠡ ᠳ᠋ᠦᠩ ᠠᠪᠴᠢᠷᠠᠭᠰᠠᠨ᠃ ᠪᠢᠳᠡᠨ ᠦ ᠡᠬᠢᠯᠡᠵᠦ ᠬᠢᠭᠰᠡᠨ ᠤᠭᠤᠲᠠ ᠨᠢᠭᠡ ᠡᠳᠦᠷ ᠦᠨ ᠳᠣᠲᠣᠷ᠎ᠠ ᠵᠠᠷᠤᠭᠳᠠᠭᠰᠠᠨ᠃  ᠢᠩᠭᠢᠭᠡᠳ ᠡᠵᠢ᠂ ᠬᠡᠦᠬᠡᠳ ᠦᠳ ᠦᠨ ᠬᠠᠮᠲᠤᠷᠠᠭᠰᠠᠨ ᠰᠢᠨ᠎ᠡ  ᠪᠢᠽᠢᠨᠧᠰ ᠡᠬᠢᠯᠡᠭᠰᠡᠨ ᠭᠡᠵᠦ ︽ᠡᠺᠣ ᠤᠭᠤᠲᠠ︾ ᠪᠠᠭ ᠤᠨ ᠠᠬᠠᠯᠠᠭᠴᠢ ᠳ∙ᠬᠡᠰᠢᠭᠵᠢᠷᠭᠠᠯ ᠶᠠᠷᠢᠭᠰᠠᠨ ᠶᠤᠮ᠃

ᠰᠡᠳᠬᠢᠭᠳᠡᠯ ᠦᠯᠡᠳᠡᠭᠡᠬᠦ