ᠠᠪᠯᠢᠭ᠎ᠠ ᠶᠢᠨ ᠡᠰᠡᠷᠭᠦ ᠰᠦᠯᠵᠢᠶᠡᠨ ᠡᠴᠡ ᠮᠣᠩᠭᠣᠯ ᠤᠯᠤᠰ ᠤᠨ ᠠᠪᠯᠢᠭ᠎ᠠ ᠶᠢᠨ ᠤᠷᠴᠢᠨ ᠳᠤ ᠬᠢᠭᠰᠡᠨ ᠦᠨᠡᠯᠡᠯᠭᠡᠨ ᠦ ᠲᠠᠶᠢᠯᠤᠨ ᠢ ᠥᠨᠥᠳᠥᠷ ᠲᠠᠨᠢᠯᠴᠠᠭᠤᠯᠪᠠ᠃ ᠢᠩᠭᠢᠬᠦ ᠳᠦ ᠠᠪᠯᠢᠭ᠎ᠠ ᠶᠢᠨ ᠡᠰᠡᠷᠭᠦ ᠰᠦᠯᠵᠢᠶᠡᠨ ᠡᠴᠡ ︽ᠮᠣᠩᠭᠣᠯ ᠤᠯᠤᠰ ᠤᠨ ᠠᠪᠯᠢᠭ᠎ᠠ ᠶᠢᠨ ᠤᠷᠴᠢᠨ ᠳᠤ ᠤᠯᠤᠰ ᠲᠥᠷᠥ ᠶᠢᠨ ᠨᠥᠯᠥᠭᠡ ᠶᠡᠬᠡ ᠪᠠᠶᠢᠨ᠎ᠠ᠃ ᠮᠣᠩᠭᠣᠯ ᠳᠤ ᠲᠣᠮᠣ ᠬᠡᠮᠵᠢᠶᠡᠨ ᠦ ᠠᠪᠯᠢᠭ᠎ᠠ ᠭᠠᠵᠠᠷ ᠠᠪᠴᠠᠢ᠃ ᠡᠨᠡ ᠨᠢ ᠮᠠᠰᠢ ᠲᠣᠮᠣ ᠠᠰᠠᠭᠤᠳᠠᠯ ᠪᠣᠯᠵᠤ ᠪᠠᠶᠢᠨ᠎ᠠ᠃ ᠲᠡᠶᠢᠮᠦ ᠡᠴᠡ ᠡᠨᠡ ᠴᠢᠭᠯᠡᠯ ᠳᠦ ᠠᠩᠬᠠᠷᠬᠤ ᠬᠡᠷᠡᠭᠲᠡᠢ ᠭᠡᠳᠡᠭ ᠵᠥᠪᠯᠡᠮᠵᠢ ᠶᠢ ᠥᠭᠴᠦ ᠪᠠᠶᠢᠨ᠎ᠠ᠃ ᠮᠥᠨ ᠲᠥᠷᠥ ᠶᠢᠨ ᠠᠯᠪᠠᠨ ᠤ ᠲᠣᠭᠲᠠᠪᠤᠷᠢᠲᠠᠢ ᠪᠠᠶᠢᠳᠠᠯ ᠢ ᠨᠡᠮᠡᠭᠳᠡᠭᠦᠯᠬᠦ᠂ ᠴᠠᠯᠢᠩ ᠤᠷᠮᠠᠰᠢᠭᠤᠯᠤᠯ ᠢ ᠢᠯᠡ ᠪᠣᠯᠭᠠᠬᠤ ᠬᠡᠷᠡᠭᠲᠡᠢ ᠭᠡᠪᠡ᠃ ᠡᠭᠦᠨ ᠡᠴᠡ ᠭᠠᠳᠠᠨ᠎ᠠ ᠴᠠᠬᠢᠮ ᠬᠤᠳᠠᠯᠳᠤᠨ ᠠᠪᠤᠯᠲᠠ ᠶᠢᠨ ᠴᠣᠭᠴᠠ ᠰᠢᠰᠲ᠋ᠧᠮ ᠢ ᠪᠦᠷᠢᠳᠦᠭᠦᠯᠦᠭᠰᠡᠨ ᠨᠢ ᠮᠣᠩᠭᠣᠯ ᠤᠯᠤᠰ ᠤᠨ ᠰᠠᠶᠢᠨ ᠲᠠᠯ᠎ᠠ ᠭᠡᠳᠡᠭ ᠢ ᠬᠡᠯᠡᠯ᠎ᠡ᠃ ᠭᠡᠬᠦ ᠳᠦ ᠪᠡᠨ ᠲᠥᠷᠥ ᠶᠢᠨ ᠬᠤᠳᠠᠯᠳᠤᠨ ᠠᠪᠤᠯᠲᠠ ᠶᠢ ᠵᠣᠬᠢᠴᠠᠭᠤᠯᠳᠠᠭ ᠭᠣᠣᠯ ᠬᠠᠤᠯᠢ ᠶᠢᠨ ᠬᠠᠮᠤᠷᠬᠤ ᠬᠦᠷᠢᠶ᠎ᠡ ᠶᠢ ᠲᠣᠭᠲᠠᠭᠠᠭ᠎ᠠ ᠦᠭᠡᠢ ᠂ ᠵᠠᠷᠢᠮ ᠪᠠᠶᠢᠭᠤᠯᠤᠯᠭ᠎ᠠ ᠳᠤ ᠬᠠᠤᠯᠢ ᠦᠢᠯᠡᠴᠢᠯᠡᠬᠦ ᠦᠭᠡᠢ ᠪᠠᠶᠢᠬᠤ ᠵᠣᠬᠢᠴᠠᠭᠤᠯᠤᠯᠲᠠ ᠶᠢ ᠬᠢᠭᠰᠡᠨ ᠨᠢ ᠤᠬᠤᠷᠢᠯᠲᠠ ᠪᠣᠯᠤᠭᠰᠠᠨ ᠢ ᠬᠡᠯᠡᠪᠡ᠃ ᠲᠡᠭᠦᠨᠴᠢᠯᠡᠨ ᠰᠢᠭᠦᠭᠴᠢ ᠶᠢᠨ ᠲᠤᠮᠢᠯᠠᠯᠭ᠎ᠠ ᠪᠣᠯᠤᠨ ᠫᠷᠣᠺᠦ᠋ᠷᠣᠷ᠂ ᠬᠠᠤᠯᠢ ᠰᠠᠬᠢᠭᠤᠯᠬᠤ ᠪᠠᠶᠢᠭᠤᠯᠤᠯᠭ᠎ᠠ ᠳᠤ ᠤᠯᠤᠰ ᠲᠥᠷᠥ ᠶᠢᠨ ᠨᠥᠯᠥᠭᠡ ᠶᠡᠬᠡ ᠪᠠᠶᠢᠨ᠎ᠠ᠃ ᠶᠡᠷᠦᠩᠬᠡᠶᠢᠯᠡᠭᠴᠢ ᠶᠢᠨ ᠨᠥᠯᠥᠭᠡ ᠶᠢ ᠬᠢᠵᠠᠭᠠᠷᠯᠠᠬᠤ ᠬᠡᠷᠡᠭᠲᠡᠢ ᠶᠢ ᠨᠡᠮᠡᠵᠦ ᠬᠡᠯᠡᠪᠡ ᠃