ᠴᠠᠭᠳᠠᠭ᠎ᠠ ᠶᠢᠨ ᠨᠣᠮ  ᠬᠡᠪᠯᠡᠭᠳᠡᠪᠡ  | News.MN

ᠴᠠᠭᠳᠠᠭ᠎ᠠ ᠶᠢᠨ ᠨᠣᠮ  ᠬᠡᠪᠯᠡᠭᠳᠡᠪᠡ 

ᠥᠪᠦᠷᠬᠠᠩᠭᠠᠢ ᠠᠶᠢᠮᠠᠭ ᠳᠠᠬᠢ ᠴᠠᠭᠳᠠᠭ᠎ᠠ ᠶᠢᠨ ᠭᠠᠵᠠᠷ ᠤᠨ ᠲᠡᠦᠬᠡᠲᠦ 80 ᠵᠢᠯ ᠦᠨ ᠣᠢ ᠳᠤ ᠵᠣᠷᠢᠭᠤᠯᠤᠭᠰᠠᠨ ᠪᠠᠷᠢᠮᠲᠠᠲᠤ ᠺᠢᠨᠣ᠋᠂ ︽ᠲᠡᠦᠬᠡ ᠦᠷᠭᠦᠯᠵᠢᠯᠡᠭᠰᠡᠨ ᠣᠨ ᠵᠢᠯ ᠦᠳ︾ ᠨᠣᠮ ᠤᠨ ᠨᠡᠭᠡᠭᠡᠯᠲᠡ᠂ ᠭᠡᠷᠡᠯ ᠵᠢᠷᠤᠭ ᠤᠨ ᠴᠣᠮᠣᠭ ᠤᠨ ᠦᠵᠡᠰᠬᠦᠯᠡᠩ ᠪᠣᠯᠤᠯ᠎ᠠ᠃ ᠨᠡᠭᠡᠭᠡᠯᠲᠡ ᠶᠢᠨ ᠦᠶ᠎ᠡ ᠪᠡᠷ ᠠᠶᠢᠮᠠᠭ ᠤᠨ ᠴᠠᠭᠳᠠᠭ᠎ᠠ ᠶᠢᠨ ᠭᠠᠵᠠᠷ ᠤᠨ ᠳᠠᠷᠤᠭ᠎ᠠ ᠣ᠊∙ᠭᠠᠩᠪᠠᠲᠤ᠄ᠠᠯᠢᠪᠠ ᠣᠢ ᠶᠢᠨ ᠪᠠᠶᠠᠷ ᠲᠡᠮᠳᠡᠭᠯᠡᠬᠦ ᠨᠢ ᠥᠩᠭᠡᠷᠡᠭᠰᠡᠨ ᠲᠡᠦᠬᠡ ᠶᠢ ᠬᠠᠳᠠᠭᠠᠯᠠᠬᠤ᠂ ᠲᠡᠦᠬᠡ ᠡᠴᠡ ᠰᠤᠷᠤᠯᠴᠠᠬᠤ᠂ ᠥᠨᠥ ᠶᠢᠨ ᠠᠵᠢᠯ ᠦᠢᠯᠡᠰ ᠲᠦ ᠪᠡᠨ ᠦᠨᠡᠯᠡᠯᠲᠡ ᠳ᠋ᠦᠩᠨᠡᠯᠲᠡ ᠬᠢᠬᠦ᠂ ᠢᠷᠡᠭᠡᠳᠦᠢ ᠶᠢᠨ ᠳᠦᠷᠢ ᠵᠢᠷᠤᠭ᠂ ᠵᠣᠷᠢᠯᠭ᠎ᠠ ᠵᠣᠷᠢᠯᠲᠠ ᠶᠢ ᠲᠣᠳᠣᠷᠬᠠᠶᠢᠯᠠᠬᠤ ᠳᠤ ᠴᠢᠬᠤᠯᠠ ᠪᠠᠶᠢᠳᠠᠭ᠃ ᠪᠢᠳᠡ ᠥᠪᠦᠷᠬᠠᠩᠭᠠᠢ ᠠᠶᠢᠮᠠᠭ ᠲᠤ ᠴᠠᠭᠳᠠᠭ᠎ᠠ ᠶᠢᠨ ᠪᠠᠶᠢᠭᠤᠯᠤᠯᠭ᠎ᠠ ᠡᠭᠦᠰᠴᠦ ᠬᠥᠭᠵᠢᠭᠰᠡᠨ ᠲᠡᠷᠲᠡᠭᠡᠬᠢ 1939 ᠣᠨ ᠠᠴᠠ ᠥᠨᠥᠳᠥᠷ ᠢ ᠬᠦᠷᠲᠡᠯᠡᠬᠢ ᠲᠡᠦᠬᠡᠨ ᠪᠠᠷᠢᠮᠲᠠ ᠶᠢ ᠰᠤᠳᠤᠯᠵᠤ᠂ ᠡᠷᠢᠵᠦ ᠬᠠᠶᠢᠵᠤ ᠂ ︽ᠲᠡᠦᠬᠡ ᠦᠷᠭᠦᠯᠵᠢᠯᠡᠭᠰᠡᠨ ᠣᠨ ᠵᠢᠯ ᠦᠳ︾ ᠲᠡᠦᠬᠡᠨ ᠨᠣᠮ᠂ ︽ᠪᠢᠳᠡᠨ ᠦ ᠲᠡᠦᠬᠡ ᠭᠡᠷᠡᠯ ᠵᠢᠷᠤᠭ ᠲᠤ︾ ᠳᠡᠪᠲᠡᠷ᠂ ︽ᠠᠯᠪᠠ ᠬᠠᠭᠠᠭᠴᠢᠳ ᠲᠤ ᠲᠣᠬᠢᠶᠠᠯᠳᠤᠭᠰᠠᠨ ᠬᠥᠭᠵᠢᠯᠲᠡᠢ ᠶᠠᠪᠤᠳᠠᠯ︾ ᠲᠣᠪᠬᠢᠮᠠᠯ᠂ ︽ᠦᠯᠦ ᠮᠠᠷᠲᠠᠭᠳᠠᠬᠤ ᠣᠨ ᠵᠢᠯ ᠦᠳ︾ ᠲᠡᠦᠬᠡᠨ ᠪᠠᠷᠢᠮᠲᠠᠲᠤ ᠺᠢᠨᠤ᠋ ᠶᠢ ᠪᠦᠲᠦᠭᠡᠭᠰᠡᠨ ᠬᠡᠮᠡᠪᠡ᠃

ᠰᠡᠳᠬᠢᠭᠳᠡᠯ ᠦᠯᠡᠳᠡᠭᠡᠬᠦ