ᠲᠦᠮᠡᠨ ᠠᠳᠤᠭᠤᠨ ᠤ ᠪᠠᠶᠠᠷ ᠪᠣᠯᠤᠨ᠎ᠠ  | News.MN

ᠲᠦᠮᠡᠨ ᠠᠳᠤᠭᠤᠨ ᠤ ᠪᠠᠶᠠᠷ ᠪᠣᠯᠤᠨ᠎ᠠ 

ᠳᠤᠮᠳᠠᠭᠤᠪᠢ ᠠᠶᠢᠮᠠᠭ ᠤᠨ ᠥᠯᠵᠡᠶᠢᠲᠦ ᠰᠤᠮᠤ ᠶᠢᠨ ᠵᠠᠰᠠᠭ ᠳᠠᠷᠤᠭ᠎ᠠ ᠶᠢᠨ ᠲᠠᠮᠠᠭ᠎ᠠ ᠶᠢᠨ ᠭᠠᠵᠠᠷ᠂ ᠤᠯᠠᠭᠠᠨᠪᠠᠭᠠᠲᠤᠷ ᠬᠣᠲᠠ ᠳ᠋ᠡᠬᠢ ᠨᠤᠲᠤᠭ ᠤᠨ ᠵᠥᠪᠯᠡᠯ ᠬᠠᠮᠲᠤᠷᠠᠨ ︽ᠲᠦᠮᠡᠨ ᠠᠳᠤᠭᠤᠨ ᠤ ᠪᠠᠶᠠᠷ︾ ᠢ  ᠨᠠᠢᠮᠠᠳᠤᠭᠠᠷ ᠰᠠᠷ᠎ᠠ ᠶᠢᠨ 18 ᠳᠦ ᠲᠡᠮᠳᠡᠭᠯᠡᠨ᠎ᠡ᠃ ᠪᠠᠶᠠᠷ ᠤᠨ ᠦᠢᠯᠡ ᠠᠵᠢᠯᠯᠠᠭ᠎ᠠ ᠨᠢ ᠮᠣᠷᠢᠲᠠᠨ ᠤ ᠥᠪ ᠰᠤᠶᠤᠯ ᠬᠢᠭᠡᠳ ᠶᠣᠰᠣ ᠤᠯᠠᠮᠵᠢᠯᠠᠯ ᠢ ᠵᠠᠯᠠᠭᠤᠴᠤᠳ ᠲᠤ ᠥᠪᠯᠡᠭᠦᠯᠬᠦ᠂ ᠠᠳᠤᠭᠤ ᠶᠢ ᠤᠨᠤᠯᠭ᠎ᠠ ᠡᠳ᠋ᠯᠡᠭᠡᠨ ᠳᠦ ᠲᠣᠭᠲᠠᠮᠠᠯ ᠠᠰᠢᠭᠯᠠᠬᠤ᠂ ᠮᠣᠩᠭᠣᠯ ᠪᠠᠬᠠᠷᠬᠠᠯ ᠢ ᠲᠥᠷᠥᠭᠦᠯᠬᠦ ᠵᠣᠷᠢᠯᠭ᠎ᠠ ᠲᠠᠢ ᠃
ᠠᠳᠤᠭᠤᠨ᠍ ᠤ ᠪᠠᠶᠠᠷ ᠢᠶᠠᠷ ᠴᠠᠭᠠᠨ ᠢᠳᠡᠭᠡᠨ ᠦ ᠦᠵᠡᠰᠬᠦᠯᠡᠩ᠂ ᠬᠤᠷᠳᠤᠨ ᠮᠣᠷᠢᠳ ᠤᠨ ᠤᠷᠤᠯᠳᠤᠭᠠᠨ᠂ ᠮᠣᠷᠢᠲᠠᠨ ᠤ ᠵᠢᠭᠰᠠᠭᠠᠯ᠂ ᠮᠣᠩᠭᠣᠯ ᠳᠡᠪᠡᠯ ᠢᠶᠡᠷ ᠬᠤᠪᠴᠠᠰᠤᠯᠠᠭᠰᠠᠨ ᠪᠠᠶᠢᠳᠠᠯ᠂ ᠡᠳ᠋ᠯᠡᠯ ᠬᠡᠷᠡᠭᠯᠡᠯ᠂ ᠤᠨᠤᠭᠰᠠᠨ ᠮᠣᠷᠢᠨ ᠤ ᠢᠵᠢᠯ ᠲᠥᠰᠲᠡᠢ ᠪᠠᠶᠢᠳᠠᠯ ᠢ ᠬᠠᠷᠠᠭᠠᠯᠵᠠᠨ ᠬᠣᠣᠰ ᠮᠣᠷᠢᠲᠠᠨ ᠰᠢᠯᠭᠠᠷᠠᠭᠤᠯᠬᠤ ᠤᠷᠤᠯᠳᠤᠭᠠᠨ᠂ ᠠᠶᠢᠷᠠᠭ ᠤᠤᠭᠤᠬᠤ ᠲᠡᠮᠡᠴᠡᠭᠡᠨ᠂ ︽ᠠᠳᠤᠭᠤᠴᠢᠨ︾ ᠲᠡᠮᠡᠴᠡᠭᠡᠨ᠂ ︽ᠮᠣᠷᠢᠲᠠᠢ ᠮᠣᠩᠭᠣᠯ︾ ᠳᠠᠭᠤᠤ ᠶᠢᠨ ᠲᠡᠮᠡᠴᠡᠭᠡᠨ᠂ ᠴᠡᠩᠭᠡᠭᠦᠨ ᠵᠣᠬᠢᠶᠠᠨ ᠪᠠᠶᠢᠭᠤᠯᠬᠤ ᠪᠠᠷ ᠲᠥᠯᠥᠪᠯᠡᠵᠡᠢ᠃ ᠪᠠᠶᠠᠷ ᠲᠤ ᠤᠷᠤᠯᠴᠠᠭᠰᠠᠳ ᠮᠣᠲ᠋ᠣᠼᠢᠺᠠᠯ ᠤᠨᠤᠬᠤ ᠦᠭᠡᠢ᠂ ᠵᠥᠪᠬᠡᠨ ᠮᠣᠷᠢ ᠪᠠᠨ ᠤᠨᠤᠬᠤ᠂ ᠮᠣᠩᠭᠣᠯ ᠳᠡᠪᠡᠯ ᠢᠶᠡᠷ ᠢᠶᠡᠨ ᠭᠣᠶᠣᠬᠤ ᠱᠠᠭᠠᠷᠳᠠᠯᠭ᠎ᠠ ᠲᠠᠯᠪᠢᠵᠤ ᠪᠠᠶᠢᠭ᠎ᠠ ᠶᠤᠮ ᠃

ᠰᠡᠳᠬᠢᠭᠳᠡᠯ ᠦᠯᠡᠳᠡᠭᠡᠬᠦ