ᠳᠤᠮᠳᠠᠭᠤᠪᠢ ᠳᠤ 7492 ᠲᠣᠯᠣᠭᠠᠢ ᠮᠠᠯ ᠬᠣᠷᠣᠭᠳᠠᠵᠠᠢ | News.MN

ᠳᠤᠮᠳᠠᠭᠤᠪᠢ ᠳᠤ 7492 ᠲᠣᠯᠣᠭᠠᠢ ᠮᠠᠯ ᠬᠣᠷᠣᠭᠳᠠᠵᠠᠢ

ᠳᠤᠮᠳᠠᠭᠤᠪᠢ ᠠᠶᠢᠮᠠᠭ ᠤᠨ ᠬᠡᠮᠵᠢᠶᠡᠨ ᠳᠦ ᠡᠨᠡ ᠣᠨ ᠤ ᠡᠬᠢᠨ ᠦ ᠬᠠᠭᠠᠰ ᠵᠢᠯ ᠦᠨ ᠪᠠᠶᠢᠳᠠᠯ ᠢᠶᠠᠷ 7492 ᠲᠣᠯᠣᠭᠠᠢ ᠮᠠᠯ ᠬᠣᠷᠣᠭᠳᠠᠵᠠᠢ᠃ ᠨᠡᠶᠢᠲᠡ ᠬᠣᠷᠣᠭᠳᠠᠭᠰᠠᠨ ᠮᠠᠯ ᠤᠨ 72.5 ᠬᠤᠪᠢ ᠶᠢ ᠢᠮᠠᠭ᠎ᠠ᠂ 23.9  ᠬᠤᠪᠢ ᠶᠢ ᠬᠣᠨᠢ᠂ 3.6 ᠬᠤᠪᠢ ᠶᠢ ᠪᠣᠳᠠ ᠮᠠᠯ ᠤᠨ ᠬᠣᠷᠣᠭᠳᠠᠯ ᠡᠵᠡᠯᠡᠵᠦ ᠪᠠᠶᠢᠭ᠎ᠠ ᠪᠥᠭᠡᠳ ᠬᠣᠷᠣᠭᠳᠠᠭᠰᠠᠨ  ᠶᠡᠬᠡ ᠮᠠᠯ ᠤᠨ 22.4 ᠬᠤᠪᠢ ᠶᠢ ᠬᠡᠭᠡᠯᠲᠦᠭᠴᠢ ᠮᠠᠯ ᠡᠵᠡᠯᠡᠵᠦ ᠪᠤᠢ᠃ ᠠᠶᠢᠮᠠᠭ ᠤᠨ ᠮᠠᠯ ᠠᠵᠤ ᠠᠬᠤᠢ ᠶᠢᠨ ᠭᠠᠵᠠᠷ ᠍ ᠤᠨ ᠮᠡᠳᠡᠭᠡᠯᠡᠭᠰᠡᠨ ᠡᠴᠡ ᠦᠵᠡᠬᠦ ᠳᠦ ᠡᠬᠢᠨ ᠦ ᠵᠢᠷᠭᠤᠭᠠᠨ ᠰᠠᠷ᠎ᠠ ᠶᠢᠨ ᠪᠠᠶᠢᠳᠠᠯ ᠢᠶᠠᠷ ᠲᠥᠯᠯᠡᠬᠦ ᠨᠠᠰᠤᠨ ᠤ ᠬᠡᠭᠡᠯᠲᠦᠭᠴᠢ ᠮᠠᠯ ᠤᠨ 77.1 ᠬᠤᠪᠢ ᠪᠤᠶᠤ 1275.0 ᠮᠢᠩᠭᠠᠨ ᠬᠡᠭᠡᠯᠲᠦᠭᠴᠢ ᠮᠠᠯ ᠲᠥᠯᠯᠡᠭᠰᠡᠨ ᠪᠥᠭᠡᠳ ᠲᠥᠯ 99.4 ᠬᠤᠪᠢ ᠲᠠᠢ ᠪᠣᠶᠢᠵᠢᠵᠤ ᠪᠠᠶᠢᠨ᠎ᠠ᠃

ᠰᠡᠳᠬᠢᠭᠳᠡᠯ ᠦᠯᠡᠳᠡᠭᠡᠬᠦ