ᠡ᠊∙ᠤᠶᠤᠨᠪᠤᠯᠤᠳ  ᠢ ᠳᠣᠷᠣᠨᠠᠲᠤ ᠶᠢᠨ ᠨᠠᠭᠠᠳᠤᠮ ᠳᠤ ᠪᠠᠷᠢᠯᠳᠤᠭᠤᠯᠤᠭᠰᠠᠨ ᠦᠭᠡᠢ | News.MN

ᠡ᠊∙ᠤᠶᠤᠨᠪᠤᠯᠤᠳ  ᠢ ᠳᠣᠷᠣᠨᠠᠲᠤ ᠶᠢᠨ ᠨᠠᠭᠠᠳᠤᠮ ᠳᠤ ᠪᠠᠷᠢᠯᠳᠤᠭᠤᠯᠤᠭᠰᠠᠨ ᠦᠭᠡᠢ

ᠠᠷᠠᠳ ᠤᠨ ᠬᠤᠪᠢᠰᠬᠠᠯ ᠤᠨ 98 ᠵᠢᠯ ᠦᠨ ᠣᠢ᠂ ᠳᠣᠷᠣᠨᠠᠲᠤ ᠠᠶᠢᠮᠠᠭ ᠪᠠᠶᠢᠭᠤᠯᠤᠭᠳᠠᠭᠰᠠᠨ ᠤ 88 ᠵᠢᠯ ᠦᠨ ᠣᠢ᠂ ︽ᠵᠡᠭᠦᠨ ᠪᠥᠰᠡ ᠶᠢᠨ ᠬᠤᠷᠳᠤ 2019︾ ᠪᠠᠶᠠᠷ ᠨᠠᠭᠠᠳᠤᠮ ᠥᠩᠭᠡᠷᠡᠭᠴᠢ ᠠᠮᠠᠷᠠᠯᠲᠠ ᠶᠢᠨ ᠡᠳᠦᠷ ᠦᠳ ᠲᠦ ᠪᠣᠯᠵᠤ᠂ ᠬᠦᠴᠦᠲᠦ ᠪᠥᠬᠡ ᠶᠢᠨ ᠪᠠᠷᠢᠯᠳᠤᠭᠠᠨ ᠳᠤ ᠵᠥᠪᠬᠡᠨ ᠨᠤᠲᠤᠭ ᠤᠨ ᠬᠢᠨᠢ ᠪᠦᠬᠡᠴᠢᠳ ᠪᠠᠷᠢᠯᠳᠤᠵᠠᠢ᠃ ᠨᠠᠭᠠᠳᠤᠮ ᠢ ᠵᠣᠷᠢᠨ ᠣᠴᠢᠭᠰᠠᠨ ᠤᠯᠤᠰ ᠤᠨ ᠠᠪᠤᠷᠭᠤ ᠡ᠊∙ᠤᠶᠤᠨᠪᠤᠯᠤᠳ ᠂ ᠤᠯᠤᠰ ᠤᠨ  ᠬᠠᠷᠴᠠᠭᠠᠢ ᠱ∙ᠮᠥᠩᠭᠥᠨᠪᠠᠭᠠᠲᠤᠷ ᠪᠣᠯᠤᠨ ᠤᠯᠤᠰ ᠤᠨ ᠨᠠᠴᠢᠨ ᠪ∙ᠰᠧᠷᠢᠺ ᠨᠠᠷ  ᠢ ᠵᠣᠬᠢᠶᠠᠨ ᠪᠠᠶᠢᠭᠤᠯᠤᠭᠴᠢᠳ ᠨᠢ ᠪᠠᠷᠢᠯᠳᠤᠭᠤᠯᠤᠭ᠎ᠠ ᠦᠭᠡᠢ ᠪᠠᠶᠢᠨ᠎ᠠ᠃ ᠪᠠᠶᠠᠷ ᠨᠠᠭᠠᠳᠤᠮ ᠤᠨ ᠪᠥᠬᠡ ᠶᠢᠨ ᠰᠠᠯᠪᠤᠷᠢ ᠬᠣᠷᠢᠶ᠎ᠠ ᠨᠢ ᠪᠤᠰᠤᠳ ᠠᠶᠢᠮᠠᠭ ᠤᠨ ᠪᠦᠬᠡᠴᠢᠳ ᠢ ᠪᠠᠷᠢᠯᠳᠤᠭᠤᠯᠬᠤ ᠦᠭᠡᠢ ᠭᠡᠰᠡᠨ ᠰᠢᠢᠳᠪᠦᠷᠢ ᠭᠠᠷᠤᠭᠰᠠᠨ ᠤ ᠳᠠᠭᠠᠤ ᠳᠡᠭᠡᠷᠡᠬᠢ  ᠪᠦᠬᠡᠴᠢᠳ ᠪᠠᠷᠢᠯᠳᠤᠯ ᠦᠭᠡᠢ ᠪᠤᠴᠠᠵᠠᠢ᠃
ᠡ᠊ ∙ᠤᠶᠤᠨᠪᠤᠯᠤᠳ ᠠᠪᠤᠷᠭᠤ ᠬᠡᠨᠲᠡᠢ ᠶᠢᠨ ᠠᠶᠢᠮᠠᠭ ᠤᠨ ᠬᠢ ᠪᠣᠯ ᠂ ᠱ∙ᠮᠥᠩᠭᠥᠨᠪᠠᠭᠠᠲᠤᠷ ᠬᠠᠷᠴᠠᠭᠠᠢ ᠰᠦᠬᠡᠪᠠᠭᠠᠲᠤᠷ ᠠᠶᠢᠮᠠᠭ ᠤᠨ ᠬᠠᠷᠢᠶᠠᠲᠤ ᠪᠢᠯᠡ᠃ ᠲᠡᠭᠡᠪᠡᠯ ᠪᠠᠶᠠᠨ-ᠥᠯᠥᠭᠡᠢ ᠶᠢᠨ ᠨᠠᠭᠠᠳᠤᠮ ᠢᠶᠠᠨ ︽ ᠠᠯᠭᠠᠰᠠᠵᠤ︾᠂ ᠤᠯᠤᠰ ᠤᠨ ᠬᠠᠷᠴᠠᠭᠠᠢ ᠴᠤᠯᠠ ᠳᠤ ᠬᠦᠷᠦᠭᠰᠡᠨ ᠨᠠᠶᠢᠵᠠ ᠳ ∙ ᠠᠨᠠᠷ ᠤᠨ ᠢᠶᠠᠨ ᠨᠤᠲᠤᠭ ᠲᠤ ᠣᠴᠢᠭᠰᠠᠨ ᠪ ∙ᠰᠧᠷᠢᠺ ᠮᠥᠨ ᠯᠠ ︽ᠬᠠᠳᠠ ᠮᠥᠷᠭᠥᠵᠡᠢ︾᠃ ᠵᠡᠭᠦᠨ ᠪᠥᠰᠡ ᠶᠢᠨ ᠭᠡᠰᠡᠨ ᠲᠣᠳᠣᠳᠬᠠᠯ ᠲᠠᠢ ᠡᠨᠡ ᠨᠠᠭᠠᠳᠤᠮ ᠳᠤ ᠳᠣᠷᠣᠨᠠᠲᠤ ᠠᠶᠢᠮᠠᠭ ᠤᠨ ᠬᠠᠷᠢᠶᠠᠲᠤ᠂ ᠠᠶᠢᠮᠠᠭ ᠤᠨ ᠬᠠᠷᠴᠠᠭᠠᠢ ᠭ∙ᠡᠷᠬᠢᠮᠪᠠᠶᠠᠷ ᠲᠦᠷᠦᠭᠦᠯᠡᠵᠦ᠂ ᠠᠶᠢᠮᠠᠭ ᠤᠨ ᠬᠠᠷᠴᠠᠭᠠᠢ ᠡ᠊ ∙ᠪᠠᠲᠤᠵᠢᠷᠭᠠᠯ ᠦᠵᠦᠭᠦᠷᠯᠡᠵᠡᠢ᠃

ᠰᠡᠳᠬᠢᠭᠳᠡᠯ ᠦᠯᠡᠳᠡᠭᠡᠬᠦ