ᠬᠤᠲᠤᠩ ᠶᠠᠰᠤᠲᠠᠨ ᠤ ᠤᠷᠤᠭ ᠣᠪᠤᠭ ᠤᠨ ᠪᠠᠶᠠᠷ ᠪᠣᠯᠤᠯ᠎ᠠ  | News.MN

ᠬᠤᠲᠤᠩ ᠶᠠᠰᠤᠲᠠᠨ ᠤ ᠤᠷᠤᠭ ᠣᠪᠤᠭ ᠤᠨ ᠪᠠᠶᠠᠷ ᠪᠣᠯᠤᠯ᠎ᠠ 

ᠬᠤᠲᠤᠩ ᠶᠠᠰᠤᠲᠠᠨ ᠤ ᠤᠷᠤᠭ᠂ ᠣᠪᠤᠭ ᠤᠨ ᠪᠠᠶᠠᠷ ᠳᠣᠯᠣᠳᠤᠭᠠᠷ ᠰᠠᠷ᠎ᠠ ᠶᠢᠨ 21- 23 ᠍ ᠳᠦ ᠲᠠᠷᠢᠶᠠᠯᠠᠩ ᠰᠤᠮᠤᠨ ᠳᠤ ᠪᠣᠯᠤᠯ᠎ᠠ᠃ ᠲᠤᠰ ᠰᠤᠮᠤᠨ ᠳᠤ ᠪᠤᠷᠳ᠋᠂ ᠣᠭᠣᠲᠣᠷ᠂ ᠬᠠᠰᠠᠨ᠂ ᠬᠣᠴᠢᠭᠢᠯᠳᠦ᠂ ᠬᠣᠯᠢᠳᠠᠭ᠂ ᠱᠠᠪᠠᠢ᠂ ᠱᠠᠯᠪᠠᠭ ᠭᠡᠰᠡᠨ ᠳᠣᠯᠣᠭᠠᠨ ᠡᠯᠬᠡᠨ ᠪᠠᠶᠢᠳᠠᠭ ᠠᠵᠢ᠃ ᠲᠡᠳᠡᠭᠡᠷ ᠡᠯᠬᠡᠨ ᠦ ᠤᠤᠭᠠᠯ ᠰᠠᠭᠤᠭᠤᠯ ᠢᠷᠭᠡᠳ ᠦᠨ ᠤᠷᠤᠭ᠂ ᠣᠪᠤᠭ ᠤᠨ ᠪᠠᠶᠠᠷ ᠠᠩᠬ᠎ᠠ ᠤᠳᠠᠭ᠎ᠠ ᠪᠠᠨ ᠪᠣᠯᠵᠤ ᠪᠠᠶᠢᠭ᠎ᠠ ᠨᠢ ᠡᠨᠡ ᠶᠤᠮ᠃ ᠪᠠᠶᠠᠷ ᠨᠠᠭᠠᠳᠤᠮ ᠤᠨ ᠦᠶ᠎ᠡ ᠪᠡᠷ ᠲᠠᠷᠢᠶᠠᠯᠠᠩ ᠰᠤᠮᠤ ᠠᠴᠠ ᠲᠦᠷᠦᠭᠰᠡᠨ ᠠᠶᠢᠮᠠᠭ ᠤᠨ ᠠᠷᠰᠯᠠᠨ ᠲᠥᠷᠦᠪᠠᠲᠤ ᠶᠢᠨ ᠨᠢᠮ᠎ᠠ ᠠᠭᠰᠠᠨ ᠤ ᠬᠥᠰᠢᠭᠡᠨ ᠦ ᠨᠡᠭᠡᠭᠡᠯᠲᠡ ᠪᠣᠯᠪᠠ᠃ ᠮᠥᠨ ᠬᠦᠴᠦᠲᠦ 32 ᠪᠥᠬᠡ ᠶᠢᠨ ᠪᠠᠷᠢᠯᠳᠤᠭᠠᠨ ᠪᠣᠯᠬᠤ ᠳᠤ ᠲᠠᠷᠢᠶᠠᠯᠠᠩ ᠰᠤᠮᠤ ᠶᠢᠨ ᠬᠠᠷᠢᠶᠠᠲᠤ᠂ ᠵᠠᠯᠠᠭᠤ ᠪᠥᠬᠡ ᠫ∙ᠰᠤᠭᠠᠷᠰᠦ᠋ᠷᠦᠩ ᠲᠦᠷᠦᠭᠦᠯᠡᠵᠦ᠂ ᠲᠤᠰ ᠰᠤᠮᠤ ᠶᠢᠨ ᠵᠠᠯᠠᠭᠤ ᠪᠥᠬᠡ ᠽ∙ᠨᠠᠮᠰᠠᠷᠠᠢ ᠦᠵᠦᠭᠦᠷᠯᠡᠯ᠎ᠡ᠃ ᠤᠷᠤᠭ᠂ ᠣᠪᠤᠭ ᠤᠨ ᠪᠠᠶᠠᠷ ᠢᠶᠠᠷ ᠪᠦᠬᠦ ᠨᠠᠰᠤᠨ ᠤ ᠬᠤᠷᠳᠤᠨ ᠮᠣᠷᠢᠳ ᠤᠨ ᠤᠷᠤᠯᠳᠤᠭᠠᠨ ᠪᠣᠯᠤᠭᠰᠠᠨ ᠪᠠ ᠠᠶᠢᠷᠠᠭᠳᠠᠭᠰᠠᠨ ᠮᠣᠷᠢᠳ ᠢ ᠱᠠᠩᠨᠠᠵᠤ ᠤᠷᠮᠠᠰᠢᠭᠤᠯᠤᠭᠰᠠᠨ ᠶᠤᠮ᠃
ᠤᠪᠰᠤ ᠠᠶᠢᠮᠠᠭ ᠤᠨ ᠲᠠᠷᠢᠶᠠᠯᠠᠩ ᠰᠤᠮᠤᠨ ᠳᠤ ᠣᠷᠣᠰᠢᠨ ᠰᠠᠭᠤᠳᠠᠭ ᠬᠤᠲᠤᠩ ᠶᠠᠰᠤᠲᠠᠨ ᠨᠤᠭᠤᠳ ᠤᠨ ᠡᠪᠦᠭᠡ ᠳᠡᠭᠡᠳᠦᠰ ᠢ ᠠᠩᠬ᠎ᠠ ᠵᠡᠭᠦᠨᠭᠠᠷ ᠤᠨ ᠬᠠᠭᠠᠨ ᠭᠠᠯᠳᠠᠨ ᠪᠤᠱᠤᠭᠲᠤ ᠲᠦᠷᠺ ᠦᠳ ᠲᠠᠢ ᠪᠠᠶᠢᠯᠳᠤᠬᠤ ᠳᠤ ᠪᠠᠨ ᠣᠯᠵᠠᠯᠠᠨ ᠤᠯᠠᠭᠠᠨ ᠭᠤᠮ ᠤᠨ ᠭᠠᠵᠠᠷ ᠰᠠᠭᠤᠷᠢᠰᠢᠭᠤᠯᠤᠨ ᠴᠡᠷᠢᠭ ᠦᠨ ᠲᠠᠷᠢᠶ᠎ᠠ ᠪᠤᠳᠠᠭ᠎ᠠ ᠪᠠᠨ ᠲᠠᠷᠢᠭᠤᠯᠳᠠᠭ ᠪᠠᠶᠢᠭᠰᠠᠨ ᠲᠡᠦᠬᠡ ᠲᠡᠢ᠃ ᠲᠤᠰ ᠰᠤᠮᠤᠨ ᠳᠤ ᠣᠷᠣᠰᠢᠨ ᠰᠠᠭᠤᠬᠤ ᠬᠤᠲᠤᠩ ᠶᠠᠰᠤᠲᠠᠨ ᠡᠳᠦᠭᠡ ᠲᠠᠪᠤᠨ ᠮᠢᠩᠭ᠎ᠠ ᠬᠦᠷᠴᠡᠢ᠃

ᠰᠡᠳᠬᠢᠭᠳᠡᠯ ᠦᠯᠡᠳᠡᠭᠡᠬᠦ