ᠢᠰᠷᠸᠯ ᠤᠯᠤᠰ ᠤᠨ ᠲᠸᠯᠢ-ᠠᠪᠢᠪ ᠬᠤᠲᠠ ᠳᠤ ᠪᠣᠯᠤᠭᠰᠠᠨ ᠣᠯᠠᠨ ᠤᠯᠤᠰ ᠤᠨ ᠹᠢᠽᠢᠺ ᠦᠨ ᠲᠠᠪᠢᠳᠠᠬᠢ ᠣᠯᠢᠮᠫᠢᠶᠠᠳ᠋ ︵IPhO-2019 ︶ ᠲᠤ ᠡᠨᠡ ᠵᠢᠯ 78 ᠣᠷᠣᠨ ᠤ 364 ᠬᠡᠦᠬᠡᠳ᠂ 150 ᠭᠠᠷᠤᠢ ᠳᠠᠰᠬᠠᠯᠵᠢᠭᠤᠯᠤᠭᠴᠢ ᠪᠠᠭᠰᠢ ᠣᠷᠣᠯᠴᠠᠯ᠎ᠠ᠃ ᠤᠯᠤᠰ ᠤᠨ ᠹᠢᠽᠢᠺ ᠦᠨ ᠣᠯᠢᠮᠫᠢᠶᠠᠳ᠋ ᠍ ᠤᠳ ᠤᠨ ᠳ᠋ᠦᠩ ᠢ ᠦᠨᠳᠦᠰᠦᠯᠡᠨ ᠡᠬᠢᠨ ᠦ ᠲᠠᠪᠤᠨ ᠰᠤᠷᠤᠭᠴᠢ ᠶᠢ ᠰᠢᠯᠭᠠᠷᠠᠭᠤᠯᠵᠤ ᠠᠪᠴᠤ ᠶᠠᠪᠤᠭᠰᠠᠨ ᠠᠴᠠ ᠬᠣᠶᠠᠷ ᠨᠢ ᠮᠧᠳᠠᠯ ᠲᠠᠢ᠂ ᠨᠢᠭᠡ ᠨᠢ ᠲᠤᠰᠬᠠᠢ ᠪᠠᠶᠢᠷᠢ ᠶᠢᠨ ᠱᠠᠩᠨᠠᠯ ᠲᠠᠢ ᠢᠷᠡᠭᠡᠳ ᠪᠠᠶᠢᠨ᠎ᠠ᠃ ᠲᠣᠳᠣᠷᠠᠭᠤᠯᠪᠠᠯ᠂ ︽ᠰᠠᠩᠲ︾ ᠰᠤᠷᠭᠠᠭᠤᠯᠢ ᠶᠢᠨ 12 ᠳ᠋ᠤᠭᠠᠷ ᠠᠩᠬᠢ ᠶᠢᠨ ᠰᠤᠷᠤᠭᠴᠢ ᠳ∙ᠢᠲᠡᠭᠡᠯ᠂ ᠮᠣᠩᠭᠣᠯ ᠣᠷᠣᠰ ᠤᠨ ᠬᠠᠮᠲᠤᠷᠠᠭᠰᠠᠨ ᠭᠤᠷᠪᠠᠳᠤᠭᠠᠷ ᠰᠤᠷᠭᠠᠭᠤᠯᠢ ᠶᠢᠨ ᠰᠤᠷᠤᠭᠴᠢ ᠳ∙ᠬᠣᠩᠭᠣᠷ ᠬᠦᠷᠡᠯ ᠮᠧᠳᠠᠯ᠂ ᠨᠡᠶᠢᠰᠯᠡᠯ ᠦᠨ ᠨᠢᠭᠡᠳᠦᠭᠡᠷ ᠳᠤᠮᠳᠠᠳᠤ ᠰᠤᠷᠭᠠᠭᠤᠯᠢ ᠶᠢᠨ 11 ᠳ᠋ᠤᠭᠡᠷ ᠠᠩᠬᠢ ᠶᠢᠨ ᠰᠤᠷᠤᠭᠴᠢ ᠪ∙ᠴᠣᠯᠮᠣᠨ ᠲᠤᠰᠬᠠᠢ ᠪᠠᠶᠢᠷᠢ ᠶᠢᠨ ᠱᠠᠩᠨᠠᠯ ᠲᠤᠰ ᠲᠤᠰ ᠬᠦᠷᠲᠡᠵᠦ᠂ ︽ᠰᠠᠩᠲ︾ ᠰᠤᠷᠭᠠᠭᠤᠯᠢ ᠶᠢᠨ 12 ᠳ᠋ᠤᠭᠠᠷ ᠠᠩᠬᠢ ᠶᠢᠨ ᠰᠤᠷᠤᠭᠴᠢ ᠰ ∙ ᠪᠠᠲᠤ-ᠣᠷᠭᠢᠯ᠂ ᠨᠡᠶᠢᠰᠯᠡᠯ ᠦᠨ 11 ᠳ᠋ᠤᠭᠡᠷ ᠰᠤᠷᠭᠠᠭᠤᠯᠢ ᠶᠢᠨ 12 ᠳ᠋ᠤᠭᠠᠷ ᠠᠩᠬᠢ ᠶᠢᠨ ᠰᠤᠷᠤᠭᠴᠢ ᠰ∙ᠰᠠᠶᠢᠬᠠᠨᠪᠢᠯᠢᠭ᠌ ᠨᠠᠷ ᠠᠮᠵᠢᠯᠲᠠ ᠪᠠᠨ ᠠᠬᠢᠭᠤᠯᠤᠨ ᠢᠷᠡᠭᠰᠡᠨ ᠶᠤᠮ᠃
ᠮᠠᠨ ᠤ ᠤᠯᠤᠰ ᠰᠡᠭᠦᠯ ᠦᠨ 20 ᠣᠷᠴᠢᠮ ᠵᠢᠯ ᠣᠯᠠᠨ ᠤᠯᠤᠰ ᠤᠨ ᠹᠢᠽᠢᠺ ᠦᠨ ᠣᠯᠢᠮᠫᠢᠶᠠᠳ᠋ ᠍ ᠲᠤ ᠣᠷᠣᠯᠴᠠᠵᠤ ᠪᠠᠶᠢᠭ᠎ᠠ ᠪᠥᠭᠡᠳ ᠡᠨᠡ ᠤᠳᠠᠭ᠎ᠠ ᠳᠤ ᠮᠣᠩᠭᠣᠯ ᠤᠯᠤᠰ ᠤᠨ ᠶᠡᠬᠡ ᠰᠤᠷᠭᠠᠭᠤᠯᠢ ᠶᠢᠨ ᠪᠠᠭᠰᠢ᠂ ᠳ᠋ᠣᠺᠲ᠋ᠣᠷ ᠭ∙ᠮᠥᠩᠬᠡᠪᠠᠶᠠᠷ᠂ ᠵᠥᠪᠯᠡᠬᠦ ᠪᠠᠭᠰᠢ ᠮ∙ᠭᠠᠩᠪᠠᠲᠤ᠂ ᠳ᠋ᠣᠺᠲ᠋ᠣᠷ ᠼ∙ᠠᠮᠤᠷᠲᠠᠶᠢᠪᠤᠩ ᠨᠠᠷ ᠤᠨ ᠠᠬᠠᠯᠠᠭᠴᠢ ᠲᠠᠢ ᠲᠠᠪᠤᠨ ᠰᠤᠷᠤᠭᠴᠢ ᠣᠷᠣᠯᠴᠠᠭᠰᠠᠨ ᠶᠤᠮ᠃