ᠮᠣᠩᠭᠣᠯ ᠤᠯᠤᠰ ᠤᠨ ᠮᠠᠷᠱᠠᠯ᠂ ᠤᠯᠤᠰ ᠤᠨ ᠪᠠᠭᠠᠲᠤᠷ᠂ ᠬᠥᠳᠡᠯᠮᠦᠷᠢ ᠶᠢᠨ ᠪᠠᠭᠠᠲᠤᠷ ᠶᠦᠮᠵᠠᠪ ᠤᠨ ᠼᠡᠳᠡᠨᠪᠠᠯ ᠤᠨ ᠲᠤᠬᠠᠢ ᠥᠭᠦᠯᠡᠬᠦ ︽ᠲᠡᠦᠬᠡ ᠮᠠᠷᠲᠠᠬᠤ ᠦᠭᠡᠢ︾ ᠤᠷᠠᠨ ᠰᠠᠶᠢᠬᠠᠨ ᠤ ᠺᠢᠨᠤ᠋ ᠶᠢ ︽ᠬᠥᠮᠥᠨ ᠹᠢᠯᠢᠮ︾ ᠤᠷᠠᠨ ᠪᠦᠲᠦᠭᠡᠯ ᠦᠨ ᠨᠢᠭᠡᠳᠦᠯ ᠪᠦᠲᠦᠭᠡᠵᠦ ᠪᠠᠶᠢᠨ᠎ᠠ᠃ ᠲᠤᠰ ᠺᠢᠨᠣᠨ ᠤ ᠤᠪᠰᠤ ᠠᠶᠢᠮᠠᠭ ᠳᠠᠬᠢ ᠵᠢᠷᠤᠭ ᠠᠪᠤᠯᠲᠠ ᠳᠣᠯᠣᠳᠤᠭᠠᠷ ᠰᠠᠷ᠎ᠠ ᠶᠢᠨ 22 ᠍ ᠳᠦ ᠤᠯᠠᠭᠠᠨ ᠭᠤᠮ ᠬᠤᠲᠠ ᠳᠤ ᠨᠡᠭᠡᠭᠡᠯᠲᠡ ᠪᠡᠨ ᠬᠢᠭᠰᠡᠨ ᠪᠥᠭᠡᠳ ᠣᠳᠣ ᠪᠠᠷ ᠲᠡᠭᠦᠨ ᠦ ᠲᠦᠷᠦᠭᠰᠡᠨ ᠨᠤᠲᠤᠭ ᠳᠠᠪᠤᠰᠤᠲᠤ ᠰᠤᠮᠤᠨ ᠳᠤ ᠺᠢᠨᠣ᠋ ᠵᠢᠷᠤᠭ ᠠᠪᠤᠯᠲᠠ ᠦᠷᠭᠦᠯᠵᠢᠯᠡᠵᠦ ᠪᠤᠢ᠃
ᠤᠭ ᠺᠢᠨᠣᠨ ᠤ ᠵᠣᠬᠢᠶᠠᠯᠴᠢ᠂ ᠶᠡᠷᠦᠩᠬᠡᠢ ᠫᠷᠣᠳᠢᠶᠦ᠋ᠰᠧᠷ ᠢᠶᠠᠷ ︽ᠳᠣᠯᠣᠭᠠᠨ ᠪᠤᠷᠬᠠᠨ ᠬᠠᠷᠪᠤᠳᠠᠭ ᠦᠭᠡᠢ︾᠂ ︽ᠪᠤᠤ ᠮᠠᠷᠲᠠ︾ ᠺᠢᠨᠣᠨ ᠤ ᠵᠣᠬᠢᠶᠠᠯ ᠢ ᠪᠢᠴᠢᠵᠦ᠂ ᠶᠡᠷᠦᠩᠬᠡᠢ ᠫᠷᠣᠳᠢᠶᠦ᠋ᠰᠧᠷ ᠢᠶᠠᠷ ᠠᠵᠢᠯᠯᠠᠭᠰᠠᠨ ᠤᠯᠤᠰ ᠤᠨ ᠶᠡᠬᠡ ᠬᠤᠷᠠᠯ ᠤᠨ ᠭᠡᠰᠢᠭᠦᠨ ᠵ∙ᠮᠥᠩᠬᠡᠪᠠᠲᠤ᠂ ᠶᠡᠷᠦᠩᠬᠡᠢ ᠨᠠᠶᠢᠷᠠᠭᠤᠯᠤᠭᠴᠢ ᠪᠠᠷ ︽ᠬᠥᠮᠥᠨ ᠹᠢᠯᠢᠮ︾ ᠤᠷᠠᠨ ᠪᠦᠲᠦᠭᠡᠯ ᠦᠨ ᠨᠢᠭᠡᠳᠦᠯ ᠦᠨ ᠶᠡᠷᠦᠩᠬᠡᠢ ᠨᠠᠶᠢᠷᠠᠭᠤᠯᠤᠭᠴᠢ ᠠ᠊∙ᠮᠦᠩᠬᠡᠰᠦ᠋ᠬᠡ᠂ ᠺᠢᠨᠣᠨ ᠤ ᠲᠡᠦᠬᠡ ᠶᠢᠨ ᠵᠥᠪᠯᠡᠬᠦ ᠪᠡᠷ ᠲᠥᠷᠥ ᠶᠢᠨ ᠱᠠᠩᠨᠠᠯᠲᠤ᠂ ᠲᠡᠦᠬᠡ ᠶᠢᠨ ᠤᠬᠠᠭᠠᠨ ᠤ ᠳ᠋ᠣᠺᠲ᠋ᠣᠷ᠂ ᠲᠡᠦᠬᠡᠴᠢ ᠥᠯᠵᠡᠶᠢᠪᠠᠭᠠᠲᠤᠷ ᠨᠠᠷ ᠠᠵᠢᠯᠯᠠᠵᠤ ᠪᠠᠶᠢᠨ᠎ᠠ᠃