︽ᠶᠡᠬᠡ ᠲᠦᠮᠡᠨ ᠰᠠᠨᠠᠭᠠᠴᠢᠯᠭ᠎ᠠ︾ ᠠᠭᠤᠯᠵᠠᠯᠲᠠ ᠡᠬᠢᠯᠡᠯ᠎ᠡ | News.MN

︽ᠶᠡᠬᠡ ᠲᠦᠮᠡᠨ ᠰᠠᠨᠠᠭᠠᠴᠢᠯᠭ᠎ᠠ︾ ᠠᠭᠤᠯᠵᠠᠯᠲᠠ ᠡᠬᠢᠯᠡᠯ᠎ᠡ

︽ᠶᠡᠬᠡ ᠲᠦᠮᠡᠨ ᠰᠠᠨᠠᠭᠠᠴᠢᠯᠭ᠎ᠠ︾  ᠶᠢᠨ ᠵᠡᠭᠦᠨ ᠬᠤᠶᠢᠳᠤ ᠠᠽᠢᠶ᠎ᠠ ᠶᠢᠨ ᠤᠯᠤᠰ ᠤᠳ ᠤᠨ ᠣᠷᠣᠨ ᠨᠤᠲᠤᠭ ᠤᠨ ᠬᠠᠮᠲᠤ ᠶᠢᠨ ᠠᠵᠢᠯᠯᠠᠭᠠᠨ ᠤ ᠬᠣᠷᠢᠶᠠᠨ ᠤ 7 ᠳ᠋ᠤᠭᠠᠷ ᠠᠭᠤᠯᠵᠠᠯᠲᠠ᠂  ᠯᠤᠭᠢᠰᠲ᠋ᠢᠺ ᠤᠨ ᠰᠠᠯᠪᠤᠷᠢ ᠬᠣᠷᠢᠶᠠᠨ ᠤ 5 ᠳ᠋ᠤᠭᠠᠷ ᠠᠭᠤᠯᠵᠠᠯᠲᠠ᠂ ᠣᠷᠣᠨ ᠨᠤᠲᠤᠭ ᠤᠨ  ᠬᠦᠭᠵᠢᠯ  ᠦᠨ ᠹᠣᠷᠣᠮ ᠬᠡᠨᠲᠡᠢ ᠠᠶᠢᠮᠠᠭ ᠤᠨ ᠴᠢᠩᠭᠢᠰ ᠬᠤᠲᠠ ᠳᠤ ᠡᠬᠢᠯᠡᠯ᠎ᠡ᠃  ᠲᠤᠰ ᠠᠭᠤᠯᠵᠠᠯᠲᠠ ᠳᠤ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ᠂  ᠪᠦᠭᠦᠳᠡ ᠨᠠᠶᠢᠷᠠᠮᠳᠠᠬᠤ ᠰᠤᠯᠤᠩᠭᠤᠰ ᠤᠯᠤᠰ᠂  ᠪᠦᠭᠦᠳᠡ ᠨᠠᠶᠢᠷᠠᠮᠳᠠᠬᠤ ᠠᠷᠠᠳᠴᠢᠯᠠᠭᠰᠠᠨ ᠰᠤᠯᠤᠩᠭᠤᠰ ᠤᠯᠤᠰ᠂ ᠶᠠᠫᠣᠨ᠂ ᠭᠧᠷᠮᠠᠨ ᠤ ᠬᠠᠮᠲᠤ ᠶᠢᠨ ᠠᠵᠢᠯᠯᠠᠭᠠᠨ ᠤ ᠨᠡᠶᠢᠭᠡᠮᠯᠢᠭ᠂ ᠮᠣᠩᠭᠣᠯ ᠤᠯᠤᠰ ᠢ ᠲᠦᠯᠦᠭᠡᠯᠡᠵᠦ   ᠪᠠᠶᠢᠭᠠᠯᠢ ᠤᠷᠴᠢᠨ ᠠᠶᠠᠯᠠᠯ ᠵᠢᠭᠤᠯᠴᠢᠯᠠᠯ ᠤᠨ ᠶᠠᠮᠤᠨ᠂ ᠬᠡᠨᠲᠡᠢ ᠠᠶᠢᠮᠠᠭ ᠤᠨ ᠵᠠᠰᠠᠭ ᠳᠠᠷᠤᠭ᠎ᠠ ᠶᠢᠨ ᠲᠠᠮᠠᠭ᠎ᠠ ᠶᠢᠨ ᠭᠠᠵᠠᠷ᠂  ᠠᠽᠢᠶ᠎ᠠ ᠶᠢᠨ ᠬᠦᠭᠵᠢᠯ ᠦᠨ ᠪᠠᠩᠬᠢᠨ᠍ ᠤ ᠰᠠᠩᠬᠦᠦᠵᠢᠯᠲᠡ ᠪᠡᠷ ᠬᠡᠷᠡᠭᠵᠢᠵᠦ ᠪᠤᠢ  ︽ᠮᠢᠩᠭᠠᠨ ᠤ ᠰᠤᠤᠲᠤ ᠬᠦᠮᠦᠨ ︾ ᠶᠡᠬᠡ ᠴᠢᠩᠭᠢᠰ ᠬᠠᠭᠠᠨ ᠲᠡᠦᠬᠡᠨ ᠠᠶᠠᠯᠠᠯ ᠵᠢᠭᠤᠯᠴᠢᠯᠠᠯ ᠤᠨ ᠲᠦᠰᠦᠯ ᠦᠨ ᠨᠢᠭᠡᠴᠡ ᠶᠢᠨ  ᠲᠦᠯᠦᠭᠡᠯᠡᠯ ᠡᠴᠡ ᠪᠦᠷᠢᠳᠦᠭᠰᠡᠨ 60 ᠭᠠᠷᠤᠢ ᠬᠦᠮᠦᠨ ᠠᠭᠤᠯᠵᠠᠯᠲᠠ ᠳᠤ ᠣᠷᠣᠯᠴᠠᠵᠤ ᠪᠠᠶᠢᠨ᠎ᠠ᠃
ᠬᠡᠨᠲᠡᠢ ᠠᠶᠢᠮᠠᠭ ᠨᠢ ︽ᠶᠡᠬᠡ ᠲᠦᠮᠡᠨ ᠰᠠᠨᠠᠭᠠᠴᠢᠯᠭ᠎ᠠ︾ ᠶᠢᠨ ᠣᠷᠣᠨ ᠨᠤᠲᠤᠭ ᠤᠨ ᠬᠠᠮᠲᠤ ᠶᠢᠨ ᠠᠵᠢᠯᠯᠠᠭᠠᠨ ᠤ ᠭᠡᠰᠢᠭᠦᠨ ᠠᠶᠢᠮᠠᠭ ᠶᠤᠮ᠃ ᠲᠦᠯᠦᠭᠡᠯᠡᠯ ᠦᠳ ᠠᠭᠤᠯᠵᠠᠯᠲᠠ ᠶᠢᠨ ᠡᠬᠢᠨ ᠦ ᠬᠠᠭᠠᠰ ᠲᠤ ᠣᠷᠣᠨ ᠨᠤᠲᠤᠭ ᠤᠨ ᠬᠠᠮᠲᠤ ᠶᠢᠨ ᠠᠵᠢᠯᠯᠠᠭᠠᠨ ᠤ ᠬᠡᠷᠡᠭᠵᠢᠯᠲᠡ ᠶᠢ ᠬᠢᠨᠠᠬᠤ᠂ ᠣᠷᠣᠨ ᠨᠤᠲᠤᠭ ᠤᠨ ᠵᠠᠰᠠᠭ ᠵᠠᠬᠢᠷᠭᠠᠨ ᠤ ᠬᠡᠲᠦ ᠶᠢᠨ ᠲᠦᠯᠦᠪ᠂ ᠭᠡᠰᠢᠭᠦᠨ ᠠᠶᠢᠮᠠᠭ ᠤᠳ ᠤᠨ ᠰᠢᠨ᠎ᠡ ᠲᠦᠰᠦᠯ ᠦᠨ ᠰᠠᠨᠠᠯ  ᠢ ᠬᠡᠯᠡᠯᠴᠡᠵᠦ ᠪᠠᠶᠢᠨ᠎ᠠ᠃ ︽ᠶᠡᠬᠡ ᠲᠦᠮᠡᠨ ᠰᠠᠨᠠᠭᠠᠴᠢᠯᠭ᠎ᠠ︾ ᠨᠢ ᠶᠡᠬᠡ ᠲᠦᠮᠡᠨ ᠭᠣᠣᠯ ᠤᠨ ᠠᠢ ᠰᠠᠪᠠ ᠨᠤᠲᠤᠭ ᠤᠨ ᠬᠥᠭᠵᠢᠯ ᠦᠨ ᠬᠥᠲᠥᠯᠪᠦᠷᠢ ᠶᠤᠮ᠃ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠤᠨ ᠬᠥᠭᠵᠢᠯ ᠦᠨ ᠬᠥᠲᠥᠯᠪᠦᠷᠢ  ︵UNDP︶ ᠶᠢᠨ ᠬᠦᠷᠢᠶᠡᠨ ‍ᠣ ᠬᠢᠲᠠᠳ ᠂ ᠮᠣᠩᠭᠣᠯ᠂ ᠪᠦᠭᠦᠳᠡ ᠨᠠᠶᠢᠷᠠᠮᠳᠠᠬᠤ ᠰᠣᠯᠣᠩᠭᠣᠰ᠂ ᠣᠷᠣᠰ ᠭᠡᠰᠡᠨ 4 ᠣᠷᠣᠨ ᠤ ᠵᠠᠰᠠᠭ ᠤᠨ ᠭᠠᠵᠠᠷ ᠬᠣᠭᠣᠷᠣᠨᠳᠣ ᠶᠢᠨ ᠬᠠᠮᠲᠤ ᠶᠢᠨ ᠠᠵᠢᠯᠯᠠᠭᠠᠨ ᠤ ᠮᠧᠬᠠᠨᠢᠰᠮ ᠶᠤᠮ᠃

ᠰᠡᠳᠬᠢᠭᠳᠡᠯ ᠦᠯᠡᠳᠡᠭᠡᠬᠦ