ᠨᠡᠭᠦᠳᠡᠯ ᠦᠨ ᠨᠣᠮ ᠤᠨ ᠰᠠᠩ ᠠᠵᠢᠯᠯᠠᠵᠤ ᠡᠬᠢᠯᠡᠯ᠎ᠡ  | News.MN

ᠨᠡᠭᠦᠳᠡᠯ ᠦᠨ ᠨᠣᠮ ᠤᠨ ᠰᠠᠩ ᠠᠵᠢᠯᠯᠠᠵᠤ ᠡᠬᠢᠯᠡᠯ᠎ᠡ 

ᠵᠠᠪᠬᠠᠨ ᠤ ᠪᠢᠽᠢᠨᠧᠰ ᠡᠷᠬᠢᠯᠡᠭᠴᠢ ᠡᠮᠡᠭᠲᠡᠶᠢᠴᠦᠳ ᠦᠨ ᠬᠣᠯᠪᠣᠭᠠᠨ ᠠᠴᠠ ᠪᠢᠽᠢᠨᠧᠰ ᠡᠷᠬᠢᠯᠡᠭᠴᠢᠳ ᠲᠦ ᠵᠣᠷᠢᠭᠤᠯᠤᠭᠰᠠᠨ ᠨᠡᠭᠦᠳᠡᠯ ᠦᠨ ᠨᠣᠮ ᠤᠨ ᠰᠠᠩ ᠢ ᠬᠤᠶᠠᠳᠠᠬᠢ ᠵᠢᠯ ᠳᠦ ᠪᠡᠨ ᠠᠵᠢᠯᠯᠠᠭᠤᠯᠵᠤ ᠪᠠᠶᠢᠨ᠎ᠠ᠃
ᠬᠣᠯᠪᠣᠭᠠᠨ ᠤ ᠤᠳᠤᠷᠢᠳᠬᠤ ᠵᠥᠪᠯᠡᠯ ᠦᠨ 20 ᠭᠠᠷᠤᠢ ᠡᠮᠡᠭᠲᠡᠢ ᠤᠷᠠᠨ ᠵᠣᠬᠢᠶᠠᠯ ᠤᠨ ᠪᠣᠯᠤᠨ ᠪᠢᠽᠢᠨᠧᠰ ᠦᠨ ᠠᠮᠵᠢᠯᠲᠠ ᠶᠢᠨ ᠲᠡᠦᠬᠡ᠂ ᠲᠡᠦᠬᠡ ᠶᠢᠨ᠂ ᠰᠢᠨᠵᠢᠯᠡᠬᠦ ᠤᠬᠠᠭᠠᠨ ᠤ᠂ ᠭᠣᠸ᠎ᠠ ᠰᠠᠶᠢᠬᠠᠨ ᠤ ᠬᠣᠯᠪᠣᠭᠳᠠᠯ ᠲᠠᠢ 130 ᠭᠠᠷᠤᠢ ᠨᠣᠮ ᠴᠤᠭᠯᠠᠭᠤᠯᠵᠠᠢ᠃
ᠡᠳᠡᠭᠡᠷ ᠨᠣᠮ ᠢ ᠤᠯᠢᠶᠠᠰᠤᠲᠠᠢ ᠰᠤᠮᠤ ᠶᠢᠨ ᠲᠣᠮᠣᠬᠠᠨ ᠳᠥᠷᠪᠡᠨ ᠬᠤᠳᠠᠯᠳᠤᠭᠠᠨ ᠤ ᠲᠥᠪ ᠲᠦ ᠪᠠᠶᠢᠷᠢᠯᠠᠭᠤᠯᠤᠨ ᠪᠢᠽᠢᠨᠧᠰ ᠡᠷᠬᠢᠯᠡᠭᠴᠢᠳ ᠦᠨ ᠬᠦᠷᠲᠡᠭᠡᠯ ᠪᠣᠯᠭᠠᠵᠤ ᠪᠠᠶᠢᠨ᠎ᠠ᠃ ᠪᠢᠽᠢᠨᠧᠰ ᠡᠷᠬᠢᠯᠡᠭᠴᠢᠳ᠂ ᠬᠤᠳᠠᠯᠳᠤᠭᠠᠴᠢᠳ ᠥᠪᠡᠷ ᠦᠨ ᠴᠠᠬᠢᠮ ᠢᠷᠭᠡᠨ ᠦ ᠦᠨᠡᠮᠯᠡᠬᠦ ᠪᠡᠷ ᠨᠡᠭᠦᠳᠡᠯ ᠦᠨ ᠨᠣᠮ ᠤᠨ ᠰᠠᠩ ᠠᠴᠠ ᠬᠣᠨᠣᠭ ᠢᠶᠠᠷ ᠪᠣᠯᠤᠨ ᠡᠳᠦᠷ ᠢᠶᠡᠷ ᠨᠣᠮ ᠲᠦᠷᠢᠶᠡᠰᠦᠯᠡᠨ ᠠᠪᠴᠤ ᠤᠩᠰᠢᠬᠤ ᠪᠣᠯᠤᠮᠵᠢ ᠲᠠᠢ᠃ ᠮᠥᠨ ᠲᠡᠳᠡ ᠭᠡᠷ ᠲᠦ ᠪᠡᠨ ᠪᠠᠶᠢᠭ᠎ᠠ ᠨᠣᠮ ᠢᠶᠠᠨ ᠰᠣᠯᠢᠯᠴᠠᠵᠤ ᠤᠩᠰᠢᠬᠤ᠂ ᠰᠤᠳᠤᠯᠬᠤ᠂ ᠣᠷᠣᠨ ᠨᠤᠲᠤᠭ ᠤᠨ ᠰᠣᠨᠢᠨ ᠤ ᠰᠢᠨ᠎ᠡ ᠳ᠋ᠤᠭᠠᠷ ᠤᠳ ᠢ ᠳᠣᠯᠣᠭ᠎ᠠ ᠬᠣᠨᠣᠭ ᠪᠦᠷᠢ ᠬᠦᠯᠢᠶᠡᠨ ᠠᠪᠴᠤ ᠤᠩᠰᠢᠬᠤ ᠪᠣᠯᠤᠮᠵᠢ ᠲᠠᠢ ᠶᠤᠮ᠃

ᠰᠡᠳᠬᠢᠭᠳᠡᠯ ᠦᠯᠡᠳᠡᠭᠡᠬᠦ