︽ᠳᠥᠷᠪᠡᠨ ᠬᠥᠬᠡ︾ ᠦᠵᠡᠰᠬᠦᠯᠡᠩ ᠭᠠᠷᠴᠤ ᠪᠠᠶᠢᠨ᠎ᠠ  | News.MN

︽ᠳᠥᠷᠪᠡᠨ ᠬᠥᠬᠡ︾ ᠦᠵᠡᠰᠬᠦᠯᠡᠩ ᠭᠠᠷᠴᠤ ᠪᠠᠶᠢᠨ᠎ᠠ 

ᠳᠦᠷᠰᠦᠯᠡᠬᠦ ᠤᠷᠠᠯᠢᠭ ᠢ ᠳᠡᠮᠵᠢᠭᠴᠢ ᠬᠠᠭᠠᠨ ᠪᠠᠩᠬᠢᠨ ᠤ ᠲᠥᠪ ᠪᠠᠶᠢᠷᠢᠨ ᠳᠤ ᠪᠠᠶᠢᠷᠢᠯᠠᠬᠤ ᠬᠠᠭᠠᠨ ᠭᠠᠯᠧᠷᠧᠢ ᠳᠦ ᠳᠥᠷᠪᠡᠨ ᠤᠷᠠᠨ ᠪᠦᠲᠦᠭᠡᠯᠴᠢ ᠶᠢᠨ ᠬᠠᠮᠲᠤᠷᠠᠭᠰᠠᠨ ᠦᠵᠡᠰᠬᠦᠯᠡᠩ ᠡᠨᠡ ᠰᠠᠷ᠎ᠠ ᠶᠢᠨ 4-25 ᠢ ᠳᠠᠭᠤᠰᠲᠠᠯ᠎ᠠ ᠣᠯᠠᠨ ᠤ ᠬᠦᠷᠲᠡᠭᠡᠯ ᠪᠣᠯᠵᠤ ᠪᠤᠢ ᠪᠢᠯᠡ᠃ ᠳᠥᠷᠪᠡᠨ ᠤᠷᠠᠨ ᠪᠦᠲᠦᠭᠡᠯᠴᠢ ᠶᠢᠨ ᠳᠣᠲᠣᠭᠠᠳᠤ ᠶᠢᠷᠲᠢᠨᠴᠦ ᠶᠢ ᠳᠡᠯᠭᠡᠨ ᠬᠠᠷᠠᠭᠤᠯᠤᠭᠰᠠᠨ ᠤᠭ ᠦᠵᠡᠰᠬᠦᠯᠡᠩ ᠦᠨ ᠨᠡᠷ᠎ᠡ ︽ᠳᠥᠷᠪᠡᠨ ᠬᠥᠬᠡ︾᠃ ᠳᠦᠷᠰᠦᠯᠡᠬᠦ ᠤᠷᠠᠯᠢᠭ ᠤᠨ ᠳᠡᠭᠡᠳᠦ ᠰᠤᠷᠭᠠᠭᠤᠯᠢ ᠶᠢ ᠨᠢᠭᠡᠨ ᠦᠶ᠎ᠡ ᠳᠦ ᠰᠤᠷᠴᠤ ᠲᠡᠭᠦᠰᠦᠭᠰᠡᠨ ᠳᠥᠷᠪᠡᠨ ᠪᠦᠰᠡᠭᠦᠢ 10 ᠍ ᠊ᠭᠠᠳ ᠵᠢᠯ ᠪᠦᠲᠦᠭᠡᠯ ᠲᠤᠭᠤᠷᠪᠢᠭ᠎ᠠ ᠦᠭᠡᠢ ᠶᠠᠪᠤᠭᠰᠠᠨ ᠴᠤ ᠨᠢᠭᠡ ᠯᠠ ᠡᠳᠦᠷ ᠬᠠᠮᠲᠤᠷᠠᠵᠤ ᠦᠵᠡᠰᠬᠦᠯᠡᠩ ᠭᠠᠷᠭᠠᠬᠤ ᠪᠠᠷ ᠵᠣᠷᠢᠭ ᠰᠢᠯᠤᠭᠤᠳᠴᠦ ᠂ ᠥᠪᠡᠷ ᠥᠪᠡᠷ ᠦᠨ ᠭᠡᠰᠡᠨ ᠥᠩᠭᠡ ᠠᠶᠠᠰ᠂ ᠠᠷᠭ᠎ᠠ ᠪᠠᠷᠢᠯ ᠢ ᠢᠯᠡᠷᠬᠡᠶᠢᠯᠡᠬᠦᠶᠢᠴᠡ ᠴᠣ ᠰᠢᠨᠡᠬᠡᠨ ᠤᠷᠠᠨ ᠪᠦᠲᠦᠭᠡᠯ ᠢᠶᠡᠨ ᠲᠠᠶᠢᠯᠤᠩᠨᠠᠭᠠᠳ ᠪᠤᠢ ᠶᠤᠮ᠃
ᠵᠢᠷᠤᠭᠠᠴᠢ ᠪ∙ᠭᠡᠷᠡᠯᠴᠡᠴᠡᠭ ᠡᠮᠡᠭᠲᠡᠶᠢᠴᠦᠳ ᠪᠣᠯᠤᠨ ᠴᠡᠴᠡᠭ ᠦᠳ ᠢ ᠥᠩᠭᠡᠯᠢᠭ᠂ ᠬᠡᠶᠢᠰᠪᠦᠷᠢ ᠬᠡᠯᠪᠡᠷᠢ ᠪᠡᠷ ᠳᠦᠷᠰᠦᠯᠡᠳᠡᠭ ᠲᠡᠳᠦᠢ ᠦᠭᠡᠢ ᠦᠨᠳᠦᠰᠦᠨ ᠦ ᠪᠡᠯᠭᠡᠳᠡᠯ ᠦᠳ ᠢ ᠥᠷᠭᠡᠨ ᠢᠶᠡᠷ ᠠᠰᠢᠭᠯᠠᠳᠠᠭ ᠣᠨᠴᠠᠯᠢᠭ ᠲᠠᠢ᠃ ᠵᠢᠷᠤᠭᠠᠴᠢ ᠨ∙ᠮᠦᠩᠬᠡᠵᠠᠶᠠᠭ᠎ᠠ ︽ᠣᠳᠣᠳ ᠤᠨ ᠰᠡᠷᠴᠢᠭᠢᠨᠡᠭᠡᠨ︾ ᠬᠡᠮᠡᠬᠦ ᠪᠦᠲᠦᠭᠡᠯ ᠢᠶᠡᠨ ᠪᠠᠭ᠎ᠠ ᠨᠠᠰᠤᠨ ᠤ ᠳᠤᠷᠠᠰᠤᠮᠵᠢ ᠰᠡᠳᠬᠢᠭᠳᠡᠯ ᠡᠴᠡ ᠡᠭᠦᠳᠦᠨ ᠵᠢᠷᠤᠵᠠᠢ᠃ ᠬᠣᠯᠢᠮᠠᠭ ᠲᠧᠭᠨᠢᠭ ᠦᠨ ᠲᠠᠪᠤᠨ ᠥᠭᠡᠷ᠎ᠡ ᠥᠩᠭᠡ ᠶᠢᠨ ᠪᠦᠲᠦᠭᠡᠯ ᠪ∙ᠰᠠᠷᠠᠩᠭᠤᠸ᠎ᠠ ᠶᠢᠨ ᠬᠢ ᠃ ︽ᠬᠠᠷᠠᠭᠰᠠᠨ︾ ᠨᠡᠷ᠎ᠡ ᠲᠡᠢ ᠤᠭ ᠴᠤᠪᠤᠷᠠᠯ ᠪᠦᠲᠦᠭᠡᠯ ᠳᠦ ᠪᠡᠨ ᠲᠡᠷᠡ ᠪᠡᠷ ᠲᠠᠪᠤᠨ ᠮᠠᠬᠠᠪᠣᠳ ᠢ ᠳᠦᠷᠰᠦᠯᠡᠭᠰᠡᠨ ᠠᠵᠡᠢ᠃ ᠬᠠᠷᠢᠨ ᠤᠷᠠᠨ ᠪᠦᠲᠦᠭᠡᠯᠴᠢ ᠡ᠊∙ᠤᠷᠢᠬᠠᠨ  ᠦᠵᠡᠰᠬᠦᠯᠡᠩ ᠳᠦ ᠬᠣᠶᠠᠷ ᠲᠥᠷᠥᠯ ᠦᠨ ᠪᠦᠲᠦᠭᠡᠯ ᠢᠶᠡᠷ ᠢᠶᠡᠨ ᠣᠷᠣᠯᠴᠠᠵᠤ ᠪᠤᠢ᠃ ᠨᠢᠭᠡ ᠨᠢ ᠲᠠᠭᠠᠵᠠᠨ ᠠᠴᠠ ᠱᠠᠯᠠ ᠬᠦᠷᠲᠡᠯ᠎ᠡ ᠤᠨᠵᠢᠭᠤᠯᠤᠨ ᠪᠠᠶᠢᠷᠢᠯᠠᠭᠤᠯᠤᠭᠰᠠᠨ ᠲᠣᠮᠣ ᠬᠡᠮᠵᠢᠶᠡᠨ ᠦ ᠢᠰᠡᠭᠡᠢ ᠤᠷᠠᠯᠠᠯ ᠤᠨ ᠪᠦᠲᠦᠭᠡᠯ᠂ ᠨᠥᠭᠥᠭᠡ ᠨᠢ ᠭᠠᠷ ᠨᠡᠬᠡᠮᠡᠯ ᠬᠡᠪᠢᠰ ᠶᠤᠮ᠃

ᠰᠡᠳᠬᠢᠭᠳᠡᠯ ᠦᠯᠡᠳᠡᠭᠡᠬᠦ