ᠮᠢᠬ᠎ᠠ 2000-3000 ᠲᠥᠭᠥᠷᠢᠭ ᠢᠶᠡᠷ ᠬᠢᠮᠳᠠᠷᠠᠪᠠ | News.MN

ᠮᠢᠬ᠎ᠠ 2000-3000 ᠲᠥᠭᠥᠷᠢᠭ ᠢᠶᠡᠷ ᠬᠢᠮᠳᠠᠷᠠᠪᠠ

ᠬᠣᠪᠳᠣ ᠠᠶᠢᠮᠠᠭ ᠲᠤ ᠡᠷ᠎ᠡ ᠬᠣᠨᠢ ︵ᠠᠮᠢᠳᠤ ᠶᠢᠨ ᠵᠢᠩ ᠢᠶᠡᠷ︶ 150-180 ᠮᠢᠩᠭ᠎ᠠ᠂ ᠡᠮ᠎ᠡ ᠬᠣᠨᠢ 100-130 ᠮᠢᠩᠭ᠎ᠠ᠂ ᠢᠮᠠᠭ᠎ᠠ 80-100 ᠮᠢᠩᠭᠠᠨ ᠲᠥᠭᠥᠷᠢᠭ ᠦᠨ ᠦᠨ᠎ᠡ ᠲᠡᠢ ᠪᠠᠶᠢᠨ᠎ᠠ᠃
ᠥᠩᠭᠡᠷᠡᠭᠰᠡᠨ ᠳᠥᠷᠪᠡ᠂ ᠲᠠᠪᠤᠳᠤᠭᠠᠷ ᠰᠠᠷ᠎ᠠ ᠳᠤ ᠮᠠᠯ ᠤᠨ ᠦᠨ᠎ᠡ ᠬᠠᠩᠰᠢ 250-260 ᠮᠢᠩᠭᠠᠨ ᠲᠥᠭᠥᠷᠢᠭ ᠪᠠᠶᠢᠭᠰᠠᠨ ᠪᠣᠯ ᠣᠳᠣ ᠡᠮᠦᠨᠡᠬᠢ ᠰᠠᠷ᠎ᠠ ᠠᠴᠠ 30-40 ᠬᠤᠪᠢ ᠪᠠᠷ ᠬᠢᠮᠳᠠᠷᠠᠭᠰᠠᠨ ᠭᠡᠵᠦ ᠬᠤᠳᠠᠯᠳᠤᠭᠠᠴᠢᠳ ᠤᠨ ᠲᠥᠯᠥᠭᠡᠯᠡᠯ ᠶᠠᠷᠢᠪᠠ᠃
ᠬᠠᠷᠢᠨ ᠠᠶᠢᠮᠠᠭ ᠤᠨ ᠲᠥᠪ ᠪᠣᠯᠤᠨ ᠪᠤᠰᠤᠳ ᠵᠠᠬ᠎ᠠ ᠳᠡᠭᠡᠷ᠎ᠡ ᠦᠬᠡᠷ᠂ ᠬᠣᠨᠢᠨ ᠤ ᠮᠢᠬ᠎ᠠ ᠨᠢᠭᠡ ᠺᠢᠯᠦᠭᠷᠡᠮ ᠨᠢ 8-10 ᠮᠢᠩᠭ᠎ᠠ᠂ ᠢᠮᠠᠭᠠᠨ ᠤ ᠮᠢᠬ᠎ᠠ ᠺᠢᠯᠦᠭᠷᠡᠮ ᠨᠢ 7500-8000᠂ ᠬᠣᠨᠢᠨ ᠤ ᠰᠡᠭᠦᠯ ᠺᠢᠯᠦᠭᠷᠡᠮ ᠨᠢ 8000᠂ ᠮᠠᠯ ᠤᠨ ᠭᠡᠳᠡᠰᠦ ᠳᠤᠲᠤᠷ 3000-5000᠂ ᠲᠣᠯᠣᠭᠠᠢ 3000 ᠲᠥᠭᠥᠷᠢᠭ ᠦᠨ ᠬᠠᠩᠰᠢ ᠲᠠᠢ᠃ ᠵᠢᠵᠢᠭᠯᠡᠩ ᠦᠨ ᠮᠢᠬᠠᠨ ᠤ ᠦᠨ᠎ᠡ ᠡᠮᠦᠨᠡᠬᠢ ᠲᠠᠪᠤᠨ ᠰᠠᠷ᠎ᠠ ᠳᠤ ᠳᠤᠮᠳᠠᠴᠢ ᠪᠠᠷ 10-12 ᠮᠢᠩᠭᠠᠨ ᠲᠥᠭᠥᠷᠢᠭ ᠪᠠᠶᠢᠭᠰᠠᠨ ᠪᠣᠯ ᠣᠳᠣ 2000-3000 ᠲᠥᠭᠥᠷᠢᠭ ᠢᠶᠡᠷ ᠪᠠᠭᠤᠷᠠᠭᠰᠠᠨ ᠭᠡᠵᠦ ᠬᠤᠳᠠᠯᠳᠤᠭᠠᠴᠢᠳ ᠣᠨᠴᠠᠯᠠᠪᠠ᠃

ᠰᠡᠳᠬᠢᠭᠳᠡᠯ ᠦᠯᠡᠳᠡᠭᠡᠬᠦ