ᠠᠯᠲᠠ  ᠲᠤᠰᠢᠶᠠᠯᠲᠠ 14.7 ᠬᠤᠪᠢ ᠪᠠᠷ ᠪᠠᠭᠤᠷᠠᠵᠠᠢ  | News.MN

ᠠᠯᠲᠠ  ᠲᠤᠰᠢᠶᠠᠯᠲᠠ 14.7 ᠬᠤᠪᠢ ᠪᠠᠷ ᠪᠠᠭᠤᠷᠠᠵᠠᠢ 

ᠲᠥᠪ ᠪᠠᠩᠬᠢ ᠥᠴᠥᠭᠡᠳᠦᠷ ᠦᠨ ᠪᠠᠶᠢᠳᠠᠯ ᠢᠶᠠᠷ ᠢᠷᠭᠡᠨ᠂ ᠠᠵᠤ ᠠᠬᠤᠢ ᠶᠢᠨ ᠨᠢᠭᠡᠴᠡ ᠡᠴᠡ ᠨᠡᠶᠢᠲᠡ 7.5 ᠲᠣᠨ ᠠᠯᠲᠠ ᠬᠤᠳᠠᠯᠳᠤᠨ ᠠᠪᠤᠭᠰᠠᠨ ᠪᠠᠶᠢᠨ᠎ᠠ᠃ ᠥᠩᠭᠡᠷᠡᠭᠰᠡᠨ ᠵᠢᠯ ᠦᠨ ᠮᠥᠨ ᠦᠶ᠎ᠡ ᠳᠦ ᠲᠥᠪ ᠪᠠᠩᠬᠢ 8.8 ᠲᠣᠨ ᠠᠪᠴᠤ ᠪᠠᠶᠢᠭᠰᠠᠨ ᠪᠠᠶᠢᠨ᠎ᠠ᠃ ᠡᠨᠡ ᠣᠨ ᠳᠤ ᠡᠮᠦᠨᠡᠬᠢ ᠣᠨ ᠲᠠᠢ ᠬᠠᠷᠢᠴᠠᠭᠤᠯᠬᠤ ᠳᠤ 14.7 ᠬᠤᠪᠢ ᠪᠤᠶᠤ 1.3 ᠲᠣᠨ ᠢᠶᠠᠷ ᠪᠠᠭ᠎ᠠ ᠠᠯᠲᠠ ᠬᠤᠳᠠᠯᠳᠤᠨ ᠠᠪᠴᠠᠢ᠃ ᠲᠥᠪ ᠪᠠᠩᠬᠢᠨ ᠤ ᠳᠠᠷᠬᠠᠨ-ᠠᠭᠤᠯᠠ ᠠᠶᠢᠮᠠᠭ ᠳᠠᠬᠢ ᠰᠠᠯᠪᠤᠷᠢ 412 ᠺᠢᠯᠦᠭᠷᠡᠮ ᠂ ᠪᠠᠶᠠᠨᠬᠣᠩᠭᠣᠷ ᠰᠠᠯᠪᠤᠷᠢ ᠨᠢ 268 ᠺᠢᠯᠦᠭᠷᠡᠮ ᠠᠯᠲᠠ ᠬᠤᠳᠠᠯᠳᠤᠨ ᠠᠪᠤᠭᠰᠠᠨ ᠪᠠᠶᠢᠨ᠎ᠠ᠃

ᠰᠡᠳᠬᠢᠭᠳᠡᠯ ᠦᠯᠡᠳᠡᠭᠡᠬᠦ