ᠮ∙ᠠᠨᠠᠨᠳᠠ ᠲᠦᠷᠦᠭᠰᠡᠨ ᠨᠤᠲᠤᠭ ᠲᠤ ᠪᠠᠨ ᠠᠮᠠᠷᠠᠬᠤ ᠪᠠᠷ ᠢᠷᠡᠵᠡᠢ  | News.MN

ᠮ∙ᠠᠨᠠᠨᠳᠠ ᠲᠦᠷᠦᠭᠰᠡᠨ ᠨᠤᠲᠤᠭ ᠲᠤ ᠪᠠᠨ ᠠᠮᠠᠷᠠᠬᠤ ᠪᠠᠷ ᠢᠷᠡᠵᠡᠢ 

ᠶᠡᠷᠦᠩᠬᠡᠢ ᠰᠠᠶᠢᠳ ᠤ᠊∙ ᠬᠦᠷᠡᠯᠰᠦ᠋ᠬᠡ ᠮᠡᠷᠭᠡᠵᠢᠯ ᠦᠨ ᠰᠦᠮᠣ᠋ ᠍ ᠶᠢᠨ 71 ᠳ᠋ᠡᠬᠢ ᠶᠡᠬᠡ ᠠᠪᠤᠷᠭᠤ ᠺᠠᠺᠦ᠋ᠷᠶᠦ ᠮ∙ᠠᠨᠠᠨᠳᠠ  ᠶᠢ ᠥᠨᠥᠳᠥᠷ ᠬᠦᠯᠢᠶᠡᠨ ᠠᠪᠴᠤ ᠠᠭᠤᠯᠵᠠᠨ ᠪᠠᠶᠠᠷ ᠬᠦᠷᠭᠡᠵᠦ᠂ ᠭᠠᠷ ᠤᠨ ᠪᠡᠯᠡᠭ ᠭᠠᠷᠳᠠᠭᠤᠯᠪᠠ᠃ ᠡᠬᠡ ᠣᠷᠣᠨ ᠤ ᠪᠠᠨ ᠨᠡᠷ᠎ᠡ ᠶᠢ ᠡᠷᠭᠦᠵᠦ᠂ ᠮᠡᠷᠭᠡᠵᠢᠯ ᠦᠨ ᠰᠦᠮᠣ᠋ ᠍ ᠶᠢᠨ ᠳᠡᠪᠵᠢᠶᠡᠨ ᠳᠦ ᠠᠮᠵᠢᠯᠲᠠᠲᠠᠢ ᠪᠠᠷᠢᠯᠳᠤᠵᠤ  ᠪᠤᠢ ᠶᠢ ᠪᠠᠬᠠᠷᠬᠠᠵᠤ ᠪᠠᠶᠢᠭ᠎ᠠ ᠪᠠᠨ ᠶᠡᠷᠦᠩᠬᠡᠢ ᠰᠠᠶᠢᠳ ᠢᠯᠡᠷᠬᠡᠶᠢᠯᠡᠭᠡᠳ ᠤᠯᠠᠮ ᠶᠡᠬᠡ ᠠᠮᠵᠢᠯᠲᠠ ᠭᠠᠷᠭᠠᠬᠤ ᠶᠢ ᠢᠷᠦᠭᠡᠨ ᠲᠠᠮᠢᠷᠴᠢᠨ ᠬᠦᠮᠦᠨ ᠦ ᠬᠤᠪᠢ ᠳᠤ ᠡᠴᠢᠭᠡ ᠡᠬᠡ᠂ ᠡᠯᠢᠭᠡᠨ ᠨᠤᠲᠤᠭ᠂ ᠡᠷᠡᠭᠦᠯ ᠮᠡᠨᠳᠦ ᠭᠤᠷᠪᠠ ᠪᠠᠨ ᠡᠷᠬᠢᠮᠯᠡᠨ ᠨᠠᠨᠳᠢᠩᠨᠠᠵᠤ ᠶᠠᠪᠤᠬᠤ ᠶᠢ ᠵᠠᠬᠢᠪᠠ᠃
ᠮ∙ᠠᠨᠠᠨᠳᠠ ᠲᠤᠤᠺᠢᠤ᠋ ᠳᠤ ᠪᠣᠯᠤᠭᠰᠠᠨ ᠮᠡᠷᠭᠡᠵᠢᠯ ᠦᠨ ᠰᠦᠮᠣ᠋ ᠪᠥᠬᠡ ᠶᠢᠨ ᠳᠣᠯᠣᠳᠤᠭᠠᠷ ᠰᠠᠷ᠎ᠠ ᠶᠢᠨ ᠨᠠᠭᠤᠶᠠ  ᠪᠠᠱᠶᠤ ᠶᠢᠨ ᠳᠡᠭᠡᠳᠦ ᠵᠢᠨᠳᠠᠭᠠᠨ ᠳᠤ ᠪᠠᠷᠢᠯᠳᠤᠨ ᠲᠦᠷᠦᠭᠦᠯᠡᠵᠦ᠂ ᠮᠡᠷᠭᠡᠵᠢᠯ ᠦᠨ ᠰᠦᠮᠣ᠋ ᠍ ᠳᠤ ᠵᠢᠷᠭᠤᠭ᠎ᠠ ᠳ᠋ᠡᠬᠢ ᠲᠦᠷᠦᠭᠦᠦ ᠪᠡᠨ ᠬᠦᠷᠲᠡᠵᠦ᠂ ᠡᠵᠡᠨ ᠬᠠᠭᠠᠨ ᠤ ᠴᠣᠮᠣ ᠠᠪᠤᠭᠰᠠᠨ ᠶᠤᠮ᠃ ᠲᠡᠷᠡᠪᠡᠷ ᠲᠦᠷᠦᠭᠰᠡᠨ ᠨᠤᠲᠤᠭ ᠰᠦᠬᠡᠪᠠᠭᠠᠲᠤᠷ ᠠᠶᠢᠮᠠᠭ ᠲᠤ ᠠᠮᠠᠷᠠᠬᠤ ᠪᠠᠷ ᠲᠥᠯᠥᠪᠯᠡᠵᠡᠢ᠃

ᠰᠡᠳᠬᠢᠭᠳᠡᠯ ᠦᠯᠡᠳᠡᠭᠡᠬᠦ