ᠬᠥᠮᠡᠯᠢ ᠶᠢᠨ ᠪᠦᠲᠦᠭᠡᠭᠳᠡᠬᠦᠨ ᠢ ᠭᠠᠳᠠᠭᠠᠳᠤ  ᠳᠦ ᠭᠠᠷᠭᠠᠨ᠎ᠠ  | News.MN

ᠬᠥᠮᠡᠯᠢ ᠶᠢᠨ ᠪᠦᠲᠦᠭᠡᠭᠳᠡᠬᠦᠨ ᠢ ᠭᠠᠳᠠᠭᠠᠳᠤ  ᠳᠦ ᠭᠠᠷᠭᠠᠨ᠎ᠠ 

ᠡᠮᠦᠨᠡᠭᠣᠪᠢ ᠠᠶᠢᠮᠠᠭ ᠲᠤ ᠦᠢᠯᠡᠳᠪᠦᠷᠢᠯᠡᠳᠡᠭ ᠬᠥᠮᠡᠯᠢ ᠶᠢᠨ ᠳᠠᠷᠤᠰᠢ᠂ ᠰᠤᠷᠢᠰᠤ᠂ ᠼᠤᠤ ᠶᠢ ᠭᠠᠳᠠᠭᠠᠳᠤ ᠶᠢᠨ ᠵᠠᠬ᠎ᠠ ᠵᠡᠭᠡᠯᠢ ᠳᠦ ᠨᠡᠶᠢᠯᠡᠭᠦᠯᠬᠦ ᠪᠡᠷ ᠬᠠᠶ᠋ᠢᠭ ᠱᠣᠰᠢᠭ᠎ᠠ ᠶᠢ ᠰᠢᠨᠡᠴᠢᠯᠡᠭᠰᠡᠨ ᠪᠠᠶᠢᠨ᠎ᠠ᠃ ᠲᠤᠰ ᠠᠶᠢᠮᠠᠭ ᠤᠨ ᠲᠡᠷᠢᠭᠦᠯᠡᠬᠦ ᠬᠦᠨᠡᠰᠦᠨ ᠦ ᠦᠢᠯᠡᠳᠪᠦᠷᠢ ᠪᠣᠯᠬᠤ ︽ᠥᠨᠢᠳᠡ ᠥᠪᠯᠡᠬᠦ ᠤᠷᠠᠯᠠᠬᠤᠢ︾ ᠺᠤᠮᠫᠠᠨᠢ ᠶᠢᠨ  ︽ᠳᠠᠯᠠᠨᠪᠤᠯᠠᠭ︾ ᠬᠦᠨᠡᠰᠦᠨ ᠦ ᠦᠢᠯᠡᠳᠪᠦᠷᠢ ᠳᠦ 2016 ᠣᠨ ᠠᠴᠠ ᠡᠬᠢᠯᠡᠨ ᠭᠣᠪᠢ ᠶᠢᠨ ᠬᠥᠮᠡᠯᠢ ᠶᠢ ᠤᠯᠠᠮᠵᠢᠯᠠᠯᠲᠤ ᠠᠷᠭ᠎ᠠ ᠪᠠᠷ ᠨᠥᠭᠡᠰᠢᠯᠡᠨ ᠰᠠᠪᠠᠯᠠᠵᠤ ᠬᠤᠳᠠᠯᠳᠤᠭᠠᠨ ᠳᠤ ᠭᠠᠷᠭᠠᠵᠤ ᠡᠬᠢᠯᠡᠭᠰᠡᠨ ᠶᠤᠮ᠃ ᠤᠯᠠᠮ ᠢᠶᠠᠷ ᠬᠥᠮᠡᠯᠢ ᠪᠡᠨ ᠬᠠᠲᠠᠭᠠᠵᠤ ᠰᠤᠷᠢᠰᠤ ᠪᠣᠯᠭᠠᠨ ᠬᠡᠷᠡᠭᠯᠡᠭᠴᠢᠳ ᠲᠦ ᠪᠡᠨ ᠨᠡᠶᠢᠯᠡᠭᠦᠯᠵᠡᠢ᠃

ᠤᠭ ᠦᠢᠯᠡᠳᠪᠦᠷᠢ ᠨᠢ ᠥᠩᠭᠡᠷᠡᠭᠰᠡᠨ ᠣᠨ ᠠᠴᠠ ᠡᠬᠢᠯᠡᠨ ᠬᠥᠮᠡᠯᠢ ᠶᠢᠨ ᠼᠤᠤ ᠦᠢᠯᠡᠳᠪᠦᠷᠢᠯᠡᠵᠦ ᠪᠠᠶᠢᠨ᠎ᠠ᠃ ᠬᠥᠮᠡᠯᠢ ᠨᠢ ᠬᠣᠭᠣᠯᠠ ᠪᠣᠯᠪᠠᠰᠤᠷᠠᠭᠤᠯᠬᠤ ᠦᠢᠯᠡ ᠠᠵᠢᠯᠯᠠᠭ᠎ᠠ ᠶᠢ ᠳᠡᠮᠵᠢᠵᠦ᠂ ᠴᠢᠭᠢᠭ ᠪᠠᠮ᠂  ᠬᠠᠨᠢᠶᠠᠳᠤ ᠠᠴᠠ ᠤᠷᠢᠳᠴᠢᠯᠡᠨ ᠰᠡᠷᠭᠡᠶᠢᠯᠡᠬᠦ ᠠᠴᠢ ᠲᠤᠰᠠ ᠲᠠᠢ᠃

ᠰᠡᠳᠬᠢᠭᠳᠡᠯ ᠦᠯᠡᠳᠡᠭᠡᠬᠦ