︽ᠪᠣᠷᠵᠢᠭᠢᠨ-2019︾ ᠨᠠᠭᠠᠳᠤᠮ  ᠪᠤᠯᠤᠨ᠎ᠠ  | News.MN

︽ᠪᠣᠷᠵᠢᠭᠢᠨ-2019︾ ᠨᠠᠭᠠᠳᠤᠮ  ᠪᠤᠯᠤᠨ᠎ᠠ 

ᠳᠣᠯᠣᠳᠤᠭᠠᠷ ᠰᠠᠷ᠎ᠠ ᠶᠢᠨ 27-28 ᠳᠦ ᠭᠤᠪᠢᠰᠦ᠋ᠮᠪᠤᠷ ᠠᠶᠢᠮᠠᠭ ᠤᠨ ᠪᠠᠶᠠᠨᠲᠠᠯ᠎ᠠ ᠰᠤᠮᠤᠨ ᠳᠤ ᠪᠣᠯᠬᠤ  ︽ᠪᠣᠷᠵᠢᠭᠢᠨ-2019 ᠰᠤᠶᠤᠯ ᠤᠨ ᠪᠡᠶᠡᠲᠦ ᠪᠤᠰᠤ ᠥᠪ︾ ᠨᠠᠭᠠᠳᠤᠮ ᠳᠤ ᠳᠤᠮᠳᠠᠭᠤᠪᠢ ᠠᠶᠢᠮᠠᠭ ᠤᠨ ᠴᠠᠭᠠᠨᠳᠡᠯᠭᠡᠷ᠂ ᠭᠣᠪᠢ- ᠤᠭᠲᠤᠭᠠᠯ᠂ ᠪᠠᠶᠠᠨᠵᠢᠷᠭᠠᠯᠠᠩ᠂ ᠦᠨᠳᠦᠷᠰᠢᠯᠢ ᠰᠤᠮᠤ ᠣᠷᠣᠯᠴᠠᠨ᠎ᠠ᠃ ᠰᠤᠶᠤᠯ ᠤᠨ ᠪᠡᠶᠡᠲᠦ ᠪᠤᠰᠤ ᠥᠪ ᠢ ᠲᠦᠭᠡᠭᠡᠨ ᠳᠡᠯᠭᠡᠷᠡᠭᠦᠯᠬᠦ᠂ ᠶᠣᠰᠣ ᠤᠯᠠᠮᠵᠢᠯᠠᠯ ᠢᠶᠠᠨ ᠰᠡᠷᠭᠦᠭᠡᠬᠦ᠂ ᠬᠣᠶᠢᠴᠢ ᠦᠶ᠎ᠡ ᠵᠠᠯᠠᠭᠤᠴᠤᠳ ᠲᠤ ᠪᠠᠨ ᠥᠪᠯᠡᠭᠦᠯᠬᠦ ᠵᠣᠷᠢᠯᠭ᠎ᠠ ᠪᠦᠬᠦᠢ ᠡᠨᠡᠬᠦ ᠨᠠᠭᠠᠳᠤᠮ ᠤᠨ ᠦᠶ᠎ᠡ ᠪᠡᠷ ᠪᠣᠷᠵᠢᠭᠢᠨ ᠥᠪ ᠰᠤᠶᠤᠯ᠂ ᠶᠣᠰᠣ ᠵᠠᠩᠰᠢᠯ ᠢ ᠰᠤᠷᠲᠠᠯᠴᠢᠯᠠᠭᠰᠠᠨ ᠦᠵᠡᠰᠬᠦᠯᠡᠩ᠂ ᠰᠤᠶᠤᠯ ᠤᠨ ᠪᠡᠶᠡᠲᠦ ᠪᠤᠰᠤ ᠥᠪ ᠪᠣᠯᠤᠨ ᠲᠡᠭᠦᠨ ᠢ ᠥᠪᠯᠡᠨ ᠤᠯᠠᠮᠵᠢᠯᠠᠭᠴᠢᠳ ᠤᠨ ᠲᠣᠭᠯᠠᠯᠲᠠ᠂ ᠵᠠᠩ ᠦᠢᠯᠡ᠂ ᠠᠬᠤᠢ ᠰᠤᠶᠤᠯ ᠤᠨ ᠦᠢᠯᠡ ᠠᠵᠢᠯᠯᠠᠭ᠎ᠠ᠂ ᠭᠠᠷ ᠤᠷᠠᠯᠠᠯ ᠤᠨ ᠦᠵᠡᠰᠬᠦᠯᠡᠩ ᠬᠤᠳᠠᠯᠳᠤᠭ᠎ᠠ ᠲᠤᠰ ᠲᠤᠰ ᠪᠣᠯᠬᠤ ᠠᠵᠡᠢ᠃
ᠪᠣᠷᠵᠢᠭᠢᠨ ᠥᠪ ᠰᠤᠶᠤᠯ᠂ ᠶᠣᠰᠣ ᠵᠠᠩᠰᠢᠯ ᠢ ᠰᠤᠷᠲᠠᠯᠴᠢᠯᠠᠭᠰᠠᠨ ᠦᠵᠡᠰᠬᠦᠯᠡᠩ ᠳᠦ ᠪᠣᠷᠵᠢᠭᠢᠨ ᠡᠮᠡᠭᠡᠯ᠂ ᠪᠣᠷᠵᠢᠭᠢᠨ ᠮᠣᠷᠢᠨ ᠬᠤᠭᠤᠷ᠂ ᠪᠣᠷᠵᠢᠭᠢᠨ ᠪᠠᠶᠢᠰᠢᠩ᠂ ᠪᠣᠷᠵᠢᠭᠢᠨ ᠠᠬᠤᠢ ᠶᠢᠨ ᠡᠳ᠋ ᠵᠦᠢᠯᠡᠰ᠂  ᠰᠠᠷᠬᠢᠨᠠᠭ  ᠤᠨ ᠲᠣᠭᠣᠨᠣ ᠲᠠᠢ ᠭᠡᠷ ᠵᠡᠷᠭᠡ ᠶᠢ ᠳᠡᠯᠭᠡᠨ ᠦᠵᠡᠭᠦᠯᠵᠦ᠂ ᠨᠠᠭᠠᠳᠤᠮᠴᠢᠳ ᠤᠨ ᠳᠤᠮᠳᠠ ︽ᠠᠷᠭᠠᠢ ᠲᠣᠩᠭᠣᠷᠬᠤ︾ ᠲᠡᠮᠡᠴᠡᠭᠡᠨ ᠵᠣᠬᠢᠶᠠᠨ ᠪᠠᠶᠢᠭᠤᠯᠬᠤ ᠪᠠᠷ ᠲᠥᠯᠥᠪᠯᠡᠵᠡᠢ᠃ ᠡᠨᠡᠬᠦ ᠨᠠᠭᠠᠳᠤᠮ ᠳᠤ ᠬᠡᠨᠲᠡᠢ᠂ ᠭᠤᠪᠢᠰᠦ᠋ᠮᠪᠤᠷ ᠂ ᠲᠥᠪ᠂ ᠳᠣᠷᠣᠨᠠᠭᠣᠪᠢ᠂ ᠳᠤᠮᠳᠠᠭᠤᠪᠢ ᠠᠶᠢᠮᠠᠭ ᠤᠨ ᠨᠡᠶᠢᠲᠡ 17 ᠰᠤᠮᠤ ᠣᠷᠣᠯᠴᠠᠨ᠎ᠠ᠃

ᠰᠡᠳᠬᠢᠭᠳᠡᠯ ᠦᠯᠡᠳᠡᠭᠡᠬᠦ