45 ᠰᠤᠷᠤᠭᠴᠢ ᠨᠤᠷ ᠰᠤᠯᠲᠠᠨ ᠳᠤ ᠵᠤᠨ ᠤ ᠰᠤᠷᠭᠠᠭᠤᠯᠢ ᠳᠤ ᠰᠤᠷᠤᠯᠴᠠᠯ᠎ᠠ  | News.MN

45 ᠰᠤᠷᠤᠭᠴᠢ ᠨᠤᠷ ᠰᠤᠯᠲᠠᠨ ᠳᠤ ᠵᠤᠨ ᠤ ᠰᠤᠷᠭᠠᠭᠤᠯᠢ ᠳᠤ ᠰᠤᠷᠤᠯᠴᠠᠯ᠎ᠠ 

ᠪᠠᠶᠠᠨ-ᠥᠯᠥᠭᠡᠢ ᠠᠶᠢᠮᠠᠭ ᠤᠨ 45 ᠰᠤᠷᠤᠭᠴᠢ ᠳᠣᠯᠣᠳᠤᠭᠠᠷ ᠰᠠᠷ᠎ᠠ ᠶᠢᠨ 10 ᠠᠴᠠ 22 ᠳᠦ ᠬᠠᠰᠠᠭᠰᠲ᠋ᠠᠨ ᠤᠯᠤᠰ ᠤᠨ ᠨᠤᠷ ᠰᠤᠯᠲᠠᠨ ᠬᠤᠲᠠ ᠳᠤ ᠵᠤᠨ ᠤ ᠰᠤᠷᠭᠠᠭᠤᠯᠢ ᠳᠤ ᠰᠤᠷᠤᠯᠴᠠᠯ᠎ᠠ᠃
ᠵᠤᠨ ᠤ ᠰᠤᠷᠭᠠᠯᠲᠠ ᠶᠢ ᠰᠤᠷᠤᠭᠴᠢᠳ ᠤᠨ ᠠᠮᠠᠷᠠᠯᠲᠠ ᠶᠢ ᠦᠷ᠎ᠡ ᠪᠦᠲᠦᠭᠡᠯ ᠲᠡᠢ ᠥᠩᠭᠡᠷᠡᠭᠡᠬᠦ᠂ ᠬᠠᠰᠠᠭᠰᠲ᠋ᠠᠨ ᠤᠯᠤᠰ ᠲᠠᠢ ᠲᠠᠨᠢᠯᠴᠠᠭᠤᠯᠬᠤ ᠵᠣᠷᠢᠯᠭ᠎ᠠ ᠪᠠᠷ ᠲᠤᠰ ᠤᠯᠤᠰ ᠤᠨ ︽ᠣᠲ᠋ᠠᠨᠳᠠᠰᠲ᠋ᠠᠷ︾ ᠰᠠᠩ ᠂ ᠳᠡᠯᠡᠬᠡᠢ ᠶᠢᠨ ᠺᠠᠽᠠᠭ ᠤᠳ ᠤᠨ ᠨᠡᠶᠢᠭᠡᠮᠯᠢᠭ᠂ ᠨᠠᠵᠠᠷᠪᠠᠶ᠋ᠸᠪ ᠴᠣᠭᠴᠠᠯᠠᠪᠤᠷᠢ ᠰᠤᠷᠭᠠᠭᠤᠯᠢ ᠬᠠᠮᠲᠤᠷᠠᠨ ᠵᠣᠬᠢᠶᠠᠨ ᠪᠠᠶᠢᠭᠤᠯᠤᠭᠰᠠᠨ ᠪᠥᠭᠡᠳ ᠣᠷᠣᠰ᠂ ᠢᠷᠡᠨ᠂ ᠮᠣᠩᠭᠣᠯ᠂ ᠦᠽᠪᠸᠺᠰᠲ᠋ᠠᠨ᠂ ᠺᠢᠷᠭᠢᠽᠰᠲ᠋ᠠᠨ᠂ ᠲᠠᠵᠢᠺᠰᠲ᠋ᠠᠨ ᠂ ᠲᠦᠷᠺᠮᠸᠨᠰᠲ᠋ᠠᠨ ᠵᠡᠷᠭᠡ ᠤᠯᠤᠰ ᠠᠴᠠ 12-17 ᠨᠠᠰᠤᠨ ᠤ 150 ᠰᠤᠷᠤᠭᠴᠢ ᠣᠷᠣᠯᠴᠠᠵᠠᠢ᠃
ᠰᠤᠷᠤᠭᠴᠢᠳ ᠰᠤᠷᠭᠠᠯᠲᠠ ᠶᠢᠨ ᠶᠠᠪᠤᠴᠠ ᠳᠤ ᠬᠡᠯᠡᠨ ᠦ ᠪᠡᠯᠡᠳᠬᠡᠯ᠂ ᠭᠠᠷ ᠤᠷᠠᠯᠠᠯ᠂ ᠳᠠᠭᠤᠤ ᠬᠥᠭᠵᠢᠮ᠂  ᠳ᠋ᠤᠮᠪᠤᠷ  ᠤᠨ  ᠳᠤᠭᠤᠶᠢᠯᠠᠩ ᠤᠳ ᠲᠤ ᠰᠠᠭᠤᠵᠤ᠂ ᠨᠤᠷ ᠰᠤᠯᠲᠠᠨ ᠬᠣᠲᠠ ᠶᠢᠨ ᠤᠷᠠᠯᠢᠭ᠂ ᠰᠤᠶᠤᠯ ᠤᠨ ᠪᠠᠶᠢᠭᠤᠯᠤᠯᠭ᠎ᠠ ᠨᠤᠭᠤᠳ ᠤᠨ ᠦᠢᠯᠡ ᠠᠵᠢᠯᠯᠠᠭ᠎ᠠ ᠲᠠᠢ ᠲᠠᠨᠢᠯᠴᠠᠵᠠᠢ᠃ ᠮᠥᠨ ︽ᠪᠤᠷᠠᠪᠠᠢ︾ ᠦᠨᠳᠦᠰᠦᠨ ᠦ  ᠪᠠᠶᠢᠭᠠᠯᠢ ᠶᠢᠨ ᠴᠣᠭᠴᠠᠯᠠᠪᠤᠷᠢ ᠭᠠᠵᠠᠷ ᠲᠤ ᠲᠠᠨᠢᠨ ᠮᠡᠳᠡᠬᠦᠢ ᠶᠢᠨ ᠠᠶᠠᠯᠠᠯ ᠬᠢᠭᠰᠡᠨ ᠪᠠᠶᠢᠨ᠎ᠠ᠃

ᠰᠡᠳᠬᠢᠭᠳᠡᠯ ᠦᠯᠡᠳᠡᠭᠡᠬᠦ