ᠳᠠᠩᠱᠢᠭ ᠲᠤ ᠲᠦᠷᠦᠭᠦᠯᠡᠭᠰᠡᠨ ᠪᠥᠬᠡ ᠳᠤ 10 ᠰᠠᠶ᠎ᠠ ᠱᠠᠩᠨᠠᠨ᠎ᠠ  | News.MN

ᠳᠠᠩᠱᠢᠭ ᠲᠤ ᠲᠦᠷᠦᠭᠦᠯᠡᠭᠰᠡᠨ ᠪᠥᠬᠡ ᠳᠤ 10 ᠰᠠᠶ᠎ᠠ ᠱᠠᠩᠨᠠᠨ᠎ᠠ

ᠪᠤᠷᠬᠠᠨ ᠤ ᠱᠠᠰᠢᠨ ᠤ ᠭᠤᠷᠪᠠᠨ ᠵᠤᠯᠠ ᠶᠢᠨ ᠨᠢᠭᠡ᠂ ᠯᠠᠮ᠎ᠠ ᠶᠢᠨ ᠭᠡᠭᠡᠨ ᠯᠤᠪᠰᠠᠩᠳᠠᠨᠽᠠᠨᠵᠠᠨᠼᠠᠨ ᠤ ᠲᠦᠮᠡᠨ ᠥᠯᠵᠡᠢ ᠭᠡᠶᠢᠭᠰᠡᠨ ᠦ 380 ᠵᠢᠯ ᠦᠨ ᠳᠠᠩᠱᠢᠭ ᠨᠠᠭᠠᠳᠤᠮ ᠳᠣᠯᠣᠳᠤᠭᠠᠷ ᠰᠠᠷ᠎ᠠ ᠶᠢᠨ 26-28  ᠳᠤ ᠪᠠᠶᠠᠨᠬᠣᠩᠭᠣᠷ ᠠᠶᠢᠮᠠᠭ ᠲᠤ ᠵᠣᠬᠢᠶᠠᠨ ᠪᠠᠶᠢᠭᠤᠯᠤᠭᠳᠠᠬᠤ ᠪᠠᠷ ᠪᠣᠯᠵᠠᠢ᠃
ᠳᠠᠩᠱᠢᠭ ᠨᠠᠭᠠᠳᠤᠮ ᠳᠤ 256 ᠪᠥᠬᠡ ᠪᠠᠷᠢᠯᠳᠤᠬᠤ ᠪᠥᠭᠡᠳ ᠲᠦᠷᠦᠭᠦᠦ ᠪᠥᠬᠡ 10 ᠰᠠᠶ᠎ᠠ᠂ ᠦᠵᠦᠭᠦᠷᠯᠡᠭᠰᠡᠨ ᠪᠥᠬᠡ ᠨᠠᠢᠮᠠᠨ ᠰᠠᠶ᠎ᠠ᠂ ᠰᠢᠪᠦᠭᠡᠷᠡᠭᠰᠡᠨ ᠬᠣᠶᠠᠷ ᠪᠦᠬᠡ ᠳᠦ ᠲᠤᠰ ᠪᠦᠷᠢ ᠵᠢᠷᠭᠤᠭᠠᠨ ᠰᠠᠶ᠎ᠠ ᠲᠥᠭᠥᠷᠢᠭ ᠦᠨ ᠮᠥᠩᠭᠥᠨ ᠱᠠᠩᠨᠠᠯ ᠣᠯᠭᠤᠬᠤ ᠪᠠᠷ ᠪᠣᠯᠵᠠᠢ᠃ ᠪᠠᠷᠢᠯᠳᠤᠭᠠᠨ ᠤ ᠪᠦᠷᠢᠳᠬᠡᠯ ᠢ ᠳᠣᠯᠣᠳᠤᠭᠠᠷ ᠰᠠᠷ᠎ᠠ ᠶᠢᠨ 25 ᠍ ᠤ ᠡᠳᠦᠷ ᠬᠢᠬᠦ ᠪᠥᠭᠡᠳ ᠪᠦᠬᠡᠴᠢᠳ ᠴᠣᠯᠠᠨ ᠤ ᠦᠨᠡᠮᠯᠡᠬᠦ ᠲᠡᠢ ᠪᠡᠨ ᠢᠷᠡᠵᠦ ᠪᠥᠷᠢᠳᠬᠡᠭᠦᠯᠬᠦ ᠶᠤᠮ ᠪᠠᠶᠢᠨ᠎ᠠ᠃ ᠬᠡᠷᠪᠡ ᠪᠦᠷᠢᠳᠬᠡᠯ ᠳᠦ ᠢᠷᠡᠵᠦ ᠴᠢᠳᠠᠬᠤ ᠦᠭᠡᠢ ᠬᠦᠨᠳᠦᠳᠭᠡᠬᠦ ᠰᠢᠯᠲᠠᠭᠠᠨ ᠲᠠᠢ ᠪᠦᠬᠡᠴᠢᠳ ᠪᠠᠶᠢᠬᠤ ᠶᠤᠮ ᠪᠣᠯ ᠪᠠᠶᠠᠨᠬᠣᠩᠭᠣᠷ ᠠᠶᠢᠮᠠᠭ ᠤᠨ ᠪᠡᠶ᠎ᠡ ᠶᠢᠨ ᠲᠠᠮᠢᠷ᠂ ᠰᠫᠣᠷᠲ ᠤᠨ ᠭᠠᠵᠠᠷ ᠤᠨ ᠴᠠᠬᠢᠮ ᠬᠠᠭᠤᠳᠠᠰᠤ ᠳᠤ ᠬᠣᠯᠪᠣᠭᠳᠠᠨ ᠪᠦᠷᠢᠳᠭᠡᠯ ᠢᠶᠡᠨ ᠪᠠᠲᠤᠯᠠᠭᠠᠵᠢᠭᠤᠯᠬᠤ ᠶᠢ ᠵᠣᠬᠢᠶᠠᠨ ᠪᠠᠶᠢᠭᠤᠯᠤᠭᠴᠢᠳ ᠬᠡᠯᠡᠯ᠎ᠡ᠃

ᠰᠡᠳᠬᠢᠭᠳᠡᠯ ᠦᠯᠡᠳᠡᠭᠡᠬᠦ