ᠮᠣᠩᠭᠣᠯ ᠣᠷᠣᠨ ᠤ ᠵᠡᠭᠦᠨ ᠪᠥᠰᠡ ᠳᠦ ᠰᠢᠨ᠎ᠡ ᠪᠡᠷ ᠪᠠᠶᠢᠭᠤᠯᠤᠭᠳᠠᠬᠤ ᠲᠡᠮᠦᠷ ᠵᠠᠮ ᠳᠤ ᠵᠡᠷᠯᠢᠭ ᠠᠮᠢᠲᠠᠳ ᠲᠤ ᠵᠣᠷᠢᠭᠤᠯᠤᠭᠰᠠᠨ ᠭᠠᠷᠴᠠ ᠪᠠᠶᠢᠭᠤᠯᠬᠤ ᠪᠣᠯᠤᠮᠵᠢᠲᠤ ᠭᠠᠵᠠᠷ ᠢ ᠰᠢᠨᠵᠢᠯᠡᠬᠦ ᠤᠬᠠᠭᠠᠨ ᠤ ᠦᠨᠳᠦᠰᠦᠯᠡᠯ ᠲᠡᠢ ᠪᠡᠷ ᠲᠣᠳᠣᠷᠬᠠᠶᠢᠯᠠᠬᠤ ᠵᠣᠷᠢᠯᠭ᠎ᠠ ᠪᠠᠷ ᠳᠡᠯᠡᠬᠡᠢ ᠶᠢᠨ ᠪᠠᠶᠢᠭᠠᠯᠢ ᠬᠠᠮᠠᠭᠠᠯᠠᠬᠤ ᠰᠠᠩ ︵WWF︶ ᠦᠨ ᠮᠣᠩᠭᠣᠯ ᠳ᠋ᠡᠬᠢ ᠬᠥᠲᠥᠯᠪᠦᠷᠢ ᠶᠢᠨ ᠭᠠᠵᠠᠷ ᠤᠨ ᠮᠡᠷᠭᠡᠵᠢᠯᠲᠡᠳ 2017᠂ 2018 ᠣᠨ ᠳᠤ 24 ᠴᠠᠭᠠᠨ ᠵᠡᠭᠡᠷ᠎ᠡ ᠪᠠᠷᠢᠵᠤ᠂ ᠰᠠᠨᠰᠠᠷ ᠤᠨ ᠳᠣᠬᠢᠶᠠᠯᠠᠯ ᠪᠦᠬᠦᠢ ᠬᠥᠵᠦᠭᠦᠪᠴᠢ ᠵᠡᠭᠦᠭᠰᠡᠨ᠃ ᠲᠡᠭᠦᠨᠴᠢᠯᠡᠨ ᠮᠡᠷᠭᠡᠵᠢᠯᠲᠡᠳ 3.5 ᠵᠢᠯ ᠦᠨ ᠬᠤᠭᠤᠴᠠᠭᠠᠨ ᠳᠤ ᠬᠤᠷᠠᠮᠲᠤᠯᠠᠭᠳᠠᠭᠰᠠᠨ ᠥᠭᠭᠥᠭᠳᠡᠯ ᠳᠦ ᠳ᠋ᠦᠩᠨᠡᠯᠲᠡ ᠬᠢᠬᠦ ᠳᠦ ᠬᠥᠵᠦᠭᠦᠪᠴᠢ ᠲᠡᠢ ᠴᠠᠭᠠᠨ ᠵᠡᠭᠡᠷ᠎ᠡ ᠬᠡᠨᠲᠡᠢ᠂ ᠳᠣᠷᠣᠨᠠᠲᠤ᠂ ᠰᠦᠬᠡᠪᠠᠭᠠᠲᠤᠷ᠂ ᠳᠣᠷᠣᠨᠠᠭᠣᠪᠢ ᠠᠶᠢᠮᠠᠭ ᠤᠨ ᠨᠤᠲᠤᠭ ᠲᠤ ᠨᠡᠶᠢᠲᠡ 247.380.23 ᠺᠢᠯᠣᠮᠧᠲ᠋ᠷ ᠲᠠᠯᠠᠪᠠᠢ ᠶᠢ ᠬᠠᠮᠤᠷᠤᠨ ᠪᠠᠶᠢᠷᠢᠰᠢᠵᠤ ᠪᠠᠶᠢᠭ᠎ᠠ ᠠᠵᠠᠢ ᠃ ᠮᠥᠨ ᠬᠥᠵᠦᠭᠦᠪᠴᠢ ᠲᠡᠢ ᠴᠠᠭᠠᠨ ᠵᠡᠭᠡᠷ᠎ᠡ ᠶᠢᠨ ᠰᠠᠷ᠎ᠠ ᠪᠦᠷᠢ ᠶᠢᠨ ᠰᠢᠯᠵᠢᠯᠲᠡ ᠬᠥᠳᠡᠯᠭᠡᠭᠡᠨ ᠢ ᠳᠤᠮᠳᠠᠴᠢᠯᠠᠨ ᠦᠵᠡᠬᠦ ᠳᠦ ᠨᠠᠮᠤᠷ ᠤᠨ ᠤᠯᠠᠷᠢᠯ ᠳᠤ ᠶᠡᠬᠡ ᠵᠠᠢ ᠳᠤ᠂ ᠡᠪᠦᠯ ᠦᠨ ᠤᠯᠠᠷᠢᠯ ᠳᠤ ᠪᠠᠭ᠎ᠠ ᠵᠠᠢ ᠳᠤ ᠰᠢᠯᠵᠢᠯᠲᠡ ᠬᠥᠳᠡᠯᠭᠡᠭᠡᠨ ᠬᠢᠳᠡᠭ᠂ ᠡᠨᠡ ᠨᠢ ᠡᠪᠦᠯᠵᠢᠬᠦ ᠭᠠᠵᠠᠷ ᠢᠶᠠᠨ ᠰᠤᠩᠭᠤᠬᠤ ᠭᠡᠵᠦ ᠨᠠᠮᠤᠷ ᠶᠡᠬᠡ ᠨᠡᠭᠦᠳᠡᠯᠯᠡᠳᠡᠭ ᠲᠡᠢ ᠨᠢ ᠬᠣᠯᠪᠣᠭ᠎ᠠ ᠲᠠᠢ᠃
ᠰᠣᠨᠢᠷᠬᠠᠭᠤᠯᠬᠤ ᠳᠤ᠂ ᠮᠡᠷᠭᠡᠵᠢᠯᠲᠡᠳ 2017 ᠣᠨ ᠤ ᠨᠢᠭᠡᠳᠦᠭᠡᠷ ᠰᠠᠷ᠎ᠠ ᠠᠴᠠ 2018 ᠣᠨ ᠤ ᠠᠷᠪᠠᠨ ᠬᠣᠶᠠᠳᠤᠭᠠᠷ ᠰᠠᠷ᠎ᠠ ᠬᠦᠷᠲᠡᠯᠡᠬᠢ ᠬᠤᠭᠤᠴᠠᠭᠠᠨ ᠤ ᠮᠡᠳᠡᠭᠡᠯᠡᠯ ᠢ ᠨᠢᠭᠲᠠᠯᠠᠬᠤ ᠳᠤ ᠴᠠᠭᠠᠨ ᠵᠡᠭᠡᠷ᠎ᠡ ᠬᠣᠶᠠᠷ ᠤᠯᠤᠰ ᠤᠨ ᠬᠢᠯᠢ ᠳᠠᠮᠨᠠᠨ ᠨᠡᠭᠦᠳᠡᠯᠯᠡᠵᠦ ᠪᠠᠶᠢᠭ᠎ᠠ ᠨᠢ ᠲᠣᠳᠣᠷᠬᠠᠢ ᠪᠣᠯᠤᠭᠰᠠᠨ ᠶᠤᠮ᠃ ᠳᠡᠭᠡᠷᠡᠬᠢ ᠬᠤᠭᠤᠴᠠᠭᠠᠨ ᠳᠤ ᠬᠥᠵᠦᠭᠦᠪᠴᠢ ᠲᠡᠢ ᠭᠤᠷᠪᠠᠨ ᠵᠡᠭᠡᠷ᠎ᠡ ᠣᠷᠣᠰ ᠬᠣᠯᠪᠣᠭᠠᠨ ᠤ ᠤᠯᠤᠰ ᠤᠷᠤᠭᠤ ᠬᠢᠯᠢ ᠳᠠᠮᠨᠠᠨ ᠨᠡᠭᠦᠳᠡᠯᠯᠡᠭᠰᠡᠨ ᠪᠥᠭᠡᠳ ᠬᠣᠶᠠᠷ ᠨᠢ ᠲᠣᠳᠣᠷᠬᠠᠢ ᠬᠤᠭᠤᠴᠠᠭᠠᠨ ᠤ ᠳᠠᠷᠠᠭ᠎ᠠ ᠮᠣᠩᠭᠣᠯ ᠳᠤ ᠪᠤᠴᠠᠵᠤ ᠢᠷᠡᠭᠰᠡᠨ ᠪᠠᠶᠢᠨ᠎ᠠ᠃ ᠲᠡᠶᠢᠮᠦ ᠡᠴᠡ ᠴᠠᠭᠠᠨ ᠵᠡᠭᠡᠷ᠎ᠡ ᠶᠢᠨ ᠬᠢᠯᠢ ᠳᠠᠮᠨᠠᠭᠰᠠᠨ ᠨᠡᠭᠦᠳᠡᠯ ᠦᠨ ᠵᠠᠮ ᠢ ᠬᠠᠮᠠᠭᠠᠯᠠᠬᠤ ᠣᠨᠣᠪᠴᠢᠲᠠᠢ ᠮᠧᠨᠧᠵᠮᠧᠨᠲ ᠢ ᠰᠣᠩᠭᠣᠨ ᠨᠡᠪᠲᠡᠷᠡᠭᠦᠯᠬᠦ᠂ ᠬᠡᠷᠡᠭᠵᠢᠭᠦᠯᠬᠦ ᠱᠠᠭᠠᠷᠳᠠᠯᠭ᠎ᠠ ᠲᠠᠢ ᠪᠣᠯᠵᠤ ᠪᠠᠶᠢᠭ᠎ᠠ ᠶᠤᠮ ᠃