ᠡᠮᠦᠨᠡᠭᠣᠪᠢ  ᠳᠤ ᠮᠠᠯ ᠲᠣᠳᠣᠷᠬᠠᠢ ᠦᠭᠡᠢ ᠰᠢᠯᠲᠠᠭᠠᠨ ᠢᠶᠠᠷ ᠦᠬᠦᠵᠡᠢ | News.MN

ᠡᠮᠦᠨᠡᠭᠣᠪᠢ  ᠳᠤ ᠮᠠᠯ ᠲᠣᠳᠣᠷᠬᠠᠢ ᠦᠭᠡᠢ ᠰᠢᠯᠲᠠᠭᠠᠨ ᠢᠶᠠᠷ ᠦᠬᠦᠵᠡᠢ

ᠡᠮᠦᠨᠡᠭᠣᠪᠢ ᠠᠶᠢᠮᠠᠭ ᠤᠨ ᠮᠠᠯ ᠡᠮᠨᠡᠯᠭᠡ ᠶᠢᠨ ᠭᠠᠵᠠᠷ ᠲᠤ ᠡᠨᠡ ᠰᠠᠷ᠎ᠠ ᠶᠢᠨ 15 ᠍ ᠳᠦ ᠮᠠᠯ ᠣᠯᠠᠨ ᠢᠶᠠᠷ ᠦᠬᠦᠯ᠎ᠡ ᠭᠡᠰᠡᠨ ᠳᠠᠭᠤᠳᠠᠯᠭ᠎ᠠ ᠢᠷᠡᠵᠡᠢ᠃ ᠳᠠᠭᠤᠳᠠᠯᠭ᠎ᠠ ᠶᠢᠨ ᠳᠠᠭᠠᠤ ᠭᠠᠵᠠᠷ ᠳᠡᠭᠡᠷ᠎ᠡ ᠨᠢ ᠪᠤᠶᠤ ᠠᠶᠢᠮᠠᠭ ᠤᠨ ᠲᠥᠪ ᠡᠴᠡ ᠪᠠᠷᠠᠭᠤᠨ ᠲᠡᠰᠢ ᠶᠢᠰᠦᠨ ᠺᠢᠯᠤᠮᠸᠲᠷ ᠲᠤ ᠪᠠᠶᠢᠬᠤ ᠣᠯᠳᠠᠬᠤ ᠶᠢᠨ ᠬᠤᠳᠳᠤᠭ ᠤᠨ ᠣᠷᠴᠢᠮ ᠳᠤ ᠨᠤᠲᠤᠭᠯᠠᠵᠤ ᠪᠠᠶᠢᠭ᠎ᠠ ᠮᠠᠯᠴᠢᠨ ᠣ᠂ ᠪ ᠨᠠᠷ ᠤᠨ ᠬᠣᠷᠣᠭᠳᠠᠭᠰᠠᠨ ᠮᠠᠯ ᠠᠴᠠ ᠳᠡᠭᠡᠵᠢ ᠠᠪᠴᠤ᠂ ᠰᠢᠨᠵᠢᠯᠡᠭᠡᠨ ᠳᠦ ᠶᠠᠪᠤᠭᠤᠯᠤᠭᠰᠠᠨ ᠪᠠᠶᠢᠨ᠎ᠠ᠃ ᠮᠥᠨ 16 ᠳᠦ ᠳᠠᠬᠢᠨ ᠬᠣᠶᠠᠷ ᠢᠰᠢᠭᠡ ᠭᠡᠨᠡᠳᠲᠡ ᠦᠬᠦᠭᠰᠡᠨ ᠢ ᠳᠡᠭᠡᠵᠢ ᠠᠪᠴᠤ᠂ ᠰᠡᠭ ᠵᠡᠮ ᠢ ᠤᠰᠠᠳᠬᠠᠯ ᠳᠤ ᠣᠷᠣᠭᠤᠯᠵᠠᠢ᠃ ᠰᠢᠨᠵᠢᠯᠡᠭᠡᠨ ᠦ ᠬᠠᠷᠢᠭᠤ 72 ᠴᠠᠭ ᠤᠨ ᠳᠠᠷᠠᠭ᠎ᠠ ᠭᠠᠷᠤᠨ᠎ᠠ ᠭᠡᠵᠦ  ᠬᠤᠯᠪᠤᠭᠳᠠᠬᠤ ᠠᠯᠪᠠᠨ ᠤ ᠬᠢᠨ ᠮᠡᠳᠡᠭᠡᠯᠡᠯ᠎ᠡ᠃
ᠮᠠᠯᠴᠢᠳ ᠤᠨ ᠬᠡᠯᠡᠵᠦ ᠪᠠᠶᠢᠭ᠎ᠠ ᠪᠠᠷ ᠮᠠᠯ ᠢᠶᠠᠨ ᠤᠰᠤᠯᠠᠭᠰᠠᠨ ᠤ ᠳᠠᠷᠠᠭ᠎ᠠ ᠮᠠᠯ ᠨᠢ ᠭᠡᠨᠡᠳᠲᠡ ᠦᠬᠦᠭᠰᠡᠨ ᠪᠠᠶᠢᠨ᠎ᠠ᠃ ᠭᠡᠬᠦ ᠳᠦ ᠪᠡᠨ ᠡᠯ᠎ᠡ ᠬᠤᠳᠳᠤᠭ ᠠᠴᠠ ᠮᠠᠯᠴᠢᠳ ᠥᠪᠡᠷᠰᠡᠳ ᠢᠶᠡᠨ ᠤᠮᠳᠠᠨ ᠤ ᠤᠰᠤ ᠪᠠᠨ ᠠᠪᠳᠠᠭ ᠲᠤᠯᠠ ᠬᠦᠮᠦᠰ ᠲᠦ ᠰᠦᠷᠭᠦ ᠪᠡᠷ ᠨᠦᠯᠦᠭᠡᠯᠡᠬᠦ ᠵᠦᠢᠯ ᠢ ᠮᠡᠳᠡᠷᠡᠭᠡ ᠦᠭᠡᠢ ᠭᠡᠵᠦ ᠪᠠᠶᠢᠯ᠎ᠠ᠃ ᠮᠠᠯ ᠡᠮᠨᠡᠯᠭᠡ ᠶᠢᠨ ᠤᠷᠢᠳᠴᠢᠯᠠᠭᠰᠠᠨ ᠳ᠋ᠦᠩᠨᠡᠯᠲᠡ ᠪᠡᠷ ᠳᠡᠭᠡᠷᠡᠬᠢ ᠮᠠᠯ  ᠬᠤᠤᠷ ᠲᠠᠢ ᠤᠷᠭᠤᠮᠠᠯ ᠢᠳᠡᠭᠰᠡᠨ ᠪᠠᠶᠢᠵᠤ ᠮᠠᠭᠠᠳ ᠦᠭᠡᠢ ᠭᠡᠵᠦ ᠦᠵᠡᠵᠦ ᠪᠠᠶᠢᠭ᠎ᠠ ᠠᠵᠠᠢ ᠃

ᠰᠡᠳᠬᠢᠭᠳᠡᠯ ᠦᠯᠡᠳᠡᠭᠡᠬᠦ