The Hu ᠠᠮᠧᠷᠢᠺᠠ ᠳᠤ ᠡᠷᠢᠯᠲᠡ ᠲᠡᠢ ᠪᠠᠶᠢᠨ᠎ᠠ | News.MN

The Hu ᠠᠮᠧᠷᠢᠺᠠ ᠳᠤ ᠡᠷᠢᠯᠲᠡ ᠲᠡᠢ ᠪᠠᠶᠢᠨ᠎ᠠ

ᠳᠡᠯᠡᠬᠡᠢ ᠶᠢᠨ ᠷᠣᠺ ᠬᠥᠭᠵᠢᠮ ᠦᠨ ᠶᠢᠷᠲᠢᠨᠴᠦ ᠳᠦ ᠴᠣ ᠰᠢᠨ᠎ᠡ ᠤᠷᠤᠰᠬᠠᠯ ᠪᠤᠢ ᠪᠣᠯᠭᠠᠵᠤ᠂ ᠳᠡᠯᠡᠬᠡᠢ ᠶᠢ ᠱᠤᠤᠭᠢᠭᠤᠯᠵᠤ ᠪᠤᠢ ᠬᠠᠮᠲᠤᠯᠢᠭ ᠪᠣᠯ ᠮᠣᠩᠭᠣᠯ ᠤᠨ ᠾᠦᠩᠨᠤ ᠷᠣᠺ The Hu᠃ ᠲᠡᠳᠡᠨ ᠦ ᠠᠮᠧᠷᠢᠺᠠ ᠶᠢᠨ  ᠳᠤ ᠬᠢᠬᠦ ᠠᠶᠠᠯᠠᠨ ᠲᠣᠭᠯᠠᠯᠲᠠ ᠶᠢᠨ ᠬᠤᠪᠢᠶᠠᠷᠢ ᠭᠠᠷᠴᠤ᠂ ᠲᠠᠰᠤᠯᠪᠤᠷᠢ ᠵᠠᠷᠤᠭᠳᠠᠵᠤ ᠡᠬᠢᠯᠡᠭᠰᠡᠨ ᠰᠥᠨᠢ ᠳᠦ ᠪᠡᠨ  ᠨᠢᠦ᠋ ᠶᠤᠷᠺ ᠬᠤᠲᠠ ᠳᠤ ᠪᠣᠯᠬᠤ ᠲᠣᠭᠯᠠᠯᠲᠠ ᠶᠢᠨ ᠲᠠᠰᠤᠯᠪᠤᠷᠢ ᠳᠠᠭᠤᠰᠴᠠᠢ᠃ ᠲᠡᠳᠡᠨ ᠢ ᠰᠣᠨᠣᠰᠬᠤ ᠶᠢ ᠬᠦᠰᠡᠭᠰᠡᠨ ᠰᠣᠨᠣᠰᠤᠭᠴᠢᠳ ᠪᠢᠯᠧᠲ ᠤᠯᠳᠠᠬᠤ ᠦᠭᠡᠢ ᠪᠠᠶᠢᠨ᠎ᠠ ᠭᠡᠵᠦ ᠭᠣᠮᠣᠳᠠᠯᠯᠠᠵᠤ ᠪᠠᠶᠢᠭ᠎ᠠ ᠰᠤᠷᠠᠭ ᠲᠠᠢ᠃ ᠮᠥᠨ ᠠᠮᠧᠷᠢᠺᠠ ᠶᠢᠨWhole foods ᠲᠣᠮᠣᠬᠠᠨ ᠰᠦᠯᠵᠢᠶ᠎ᠡ ᠶᠡᠬᠡ ᠳᠡᠯᠭᠡᠭᠦᠷ ᠲᠦ The Hu ᠬᠠᠮᠲᠤᠯᠢᠭ ᠤᠨ ᠨᠡᠷ᠎ᠡ ᠲᠡᠢ ᠱᠣᠺᠣᠯᠠᠳ᠋ ᠬᠤᠳᠠᠯᠳᠤᠭᠠᠯᠠᠵᠤ ᠡᠬᠢᠯᠡᠵᠡᠢ᠃ The Hu ᠬᠠᠮᠲᠤᠯᠢᠭ ᠤᠨ ᠬᠢᠨ ᠡᠨᠡ ᠤᠳᠠᠭ᠎ᠠ ᠠᠶᠠᠯᠠᠨ ᠲᠣᠭᠯᠠᠯᠲᠠ ᠪᠠᠨ ᠶᠢᠰᠦᠳᠦᠭᠡᠷ ᠰᠠᠷ᠎ᠠ ᠶᠢᠨ 11 ᠡᠴᠡ ᠡᠬᠢᠯᠡᠭᠦᠯᠦᠨ ᠠᠷᠪᠠᠨ ᠬᠣᠶᠠᠳᠤᠭᠠᠷ ᠰᠠᠷ᠎ᠠ ᠬᠦᠷᠲᠡᠯ᠎ᠡ ᠪᠦᠲᠦᠨ ᠳᠥᠷᠪᠡᠨ ᠰᠠᠷ᠎ᠠ ᠶᠢᠨ ᠲᠤᠷᠰᠢ ᠨᠡᠶᠢᠲᠡ 53 ᠲᠣᠭᠯᠠᠯᠲᠠ ᠬᠢᠬᠦ ᠪᠡᠷ ᠲᠥᠯᠥᠪᠯᠡᠭᠡᠳ ᠪᠠᠶᠢᠭ᠎ᠠ ᠠᠵᠠᠢ ᠃

ᠰᠡᠳᠬᠢᠭᠳᠡᠯ ᠦᠯᠡᠳᠡᠭᠡᠬᠦ