ᠭ∙ᠼᠡᠳᠡᠨᠪᠡᠯ 50 mᠮᠡᠯᠡᠬᠡᠢ ᠰᠡᠯᠢᠯᠲᠡ ᠪᠡᠷ ᠤᠷᠤᠯᠳᠤᠯ᠎ᠠ | News.MN

ᠭ∙ᠼᠡᠳᠡᠨᠪᠡᠯ 50 mᠮᠡᠯᠡᠬᠡᠢ ᠰᠡᠯᠢᠯᠲᠡ ᠪᠡᠷ ᠤᠷᠤᠯᠳᠤᠯ᠎ᠠ

ᠪᠦᠭᠦᠳᠡ ᠨᠠᠶᠢᠷᠠᠮᠳᠠᠬᠤ ᠰᠤᠯᠤᠩᠭᠤᠰ ᠤᠯᠤᠰ ᠤᠨ ᠺᠸᠠᠨᠵᠤ ᠬᠤᠲᠠ ᠳᠤ 18 ᠳ᠋ᠡᠬᠢ ᠤᠳᠠᠭ᠎ᠠ ᠶᠢᠨ ᠤᠰᠤᠨ ᠰᠫᠣᠷᠲ ᠤᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠪᠣᠯᠵᠤ ᠪᠠᠶᠢᠨ᠎ᠠ᠃ ᠲᠤᠰ ᠲᠡᠮᠡᠴᠡᠭᠡᠨ ᠳᠦ ᠮᠣᠩᠭᠣᠯ ᠤᠯᠤᠰ ᠤᠨ ᠳᠥᠷᠪᠡᠨ ᠲᠠᠮᠢᠷᠴᠢᠨ ᠣᠷᠣᠯᠴᠠᠵᠤ᠂ ᠭ∙ᠼᠡᠳᠡᠨᠪᠡᠯ 50 m ᠮᠡᠯᠡᠬᠡᠢ ᠰᠡᠯᠢᠯᠲᠡ ᠪᠡᠷ ᠤᠷᠤᠯᠳᠤᠵᠤ᠂ 30.23 ᠠᠮᠵᠢᠯᠲᠠ ᠦᠵᠡᠭᠦᠯᠦᠯ᠎ᠡ᠃
ᠲᠡᠷᠡᠪᠡᠷ ᠳᠣᠯᠣᠳᠤᠭᠠᠷ ᠰᠠᠷ᠎ᠠ ᠶᠢᠨ 21 ᠦ ᠡᠳᠦᠷ 100 m ᠮᠡᠯᠡᠬᠡᠢ ᠰᠡᠯᠢᠯᠲᠡ ᠶᠢᠨ ᠲᠡᠮᠡᠴᠡᠭᠡᠨ ᠳᠦ ᠤᠷᠤᠯᠳᠤᠵᠤ᠂ 1᠄07.92 ᠠᠮᠵᠢᠯᠲᠠ ᠪᠠᠷ ᠮᠣᠩᠭᠣᠯ ᠤᠯᠤᠰ ᠤᠨ ᠷᠧᠺᠣᠷᠳ᠋  ᠢ ᠰᠢᠨᠡᠴᠢᠯᠡᠭᠰᠡᠨ ᠪᠢᠯᠡ᠃
ᠪᠤᠰᠤᠳ ᠭᠤᠷᠪᠠᠨ ᠲᠠᠮᠢᠷᠴᠢᠨ ᠤ ᠬᠤᠪᠢ ᠳᠤ ᠬ∙ᠡᠩᠬᠡᠵᠤᠯᠠ ᠳᠣᠯᠣᠳᠤᠭᠠᠷ ᠰᠠᠷ᠎ᠠ ᠶᠢᠨ 26 ᠤ ᠡᠳᠦᠷ 50 m ᠳᠠᠯᠠᠢ ᠶᠢᠨ ᠭᠠᠬᠠᠢ ᠰᠡᠯᠢᠯᠲᠡ ᠪᠡᠷ ᠤᠷᠤᠯᠳᠤᠨ᠎ᠠ᠃ ᠮ∙ᠳᠡᠯᠭᠡᠷᠬᠦᠦ ᠳᠣᠯᠣᠳᠤᠭᠠᠷ ᠰᠠᠷ᠎ᠠ ᠶᠢᠨ 24  ᠳᠦ 100 m ᠥᠪᠥᠷ ᠢᠶᠡᠷ ᠳᠠᠯᠠᠯᠬᠤ ᠰᠡᠯᠢᠯᠲᠡ ᠪᠣᠯᠤᠨ 26 ᠍ ᠳᠦ 50 m ᠥᠪᠥᠷ ᠢᠶᠡᠷ ᠳᠠᠯᠠᠯᠬᠤ ᠰᠡᠯᠢᠯᠲᠡ ᠪᠡᠷ ᠤᠷᠤᠯᠳᠤᠨ᠎ᠠ ᠃ ᠪ∙ᠡᠩᠬᠡᠬᠦ᠋ᠰᠡᠯᠡᠩ 25 ᠳᠦ 100 m ᠂ 27 ᠳᠦ 50 m ᠥᠪᠥᠷ ᠢᠶᠡᠷ ᠳᠠᠯᠠᠯᠬᠤ ᠰᠡᠯᠢᠯᠲᠡ ᠪᠡᠷ ᠤᠷᠤᠯᠳᠤᠨ᠎ᠠ ᠃

ᠰᠡᠳᠬᠢᠭᠳᠡᠯ ᠦᠯᠡᠳᠡᠭᠡᠬᠦ