ᠬᠤᠲᠤᠩ ᠰᠢᠪᠠᠭᠤ ᠬᠠᠮᠠᠭᠠᠯᠠᠬᠤ ᠲᠥᠯᠥᠪᠯᠡᠭᠡ ᠪᠣᠯᠪᠠᠰᠤᠷᠠᠭᠤᠯᠵᠠᠢ | News.MN

ᠬᠤᠲᠤᠩ ᠰᠢᠪᠠᠭᠤ ᠬᠠᠮᠠᠭᠠᠯᠠᠬᠤ ᠲᠥᠯᠥᠪᠯᠡᠭᠡ ᠪᠣᠯᠪᠠᠰᠤᠷᠠᠭᠤᠯᠵᠠᠢ

︽ᠵᠡᠭᠦᠨ ᠠᠽᠢᠶ᠎ᠠ ᠶᠢᠨ ᠪᠤᠷᠵᠢᠭᠢᠷ ᠬᠣᠲᠣᠩ ᠤᠨ ᠬᠠᠮᠠᠭᠠᠯᠠᠯ ᠤᠨ ᠲᠥᠯᠥᠪᠯᠡᠭᠡ︾ ᠍ ᠶᠢᠨ ᠣᠯᠠᠨ ᠤᠯᠤᠰ ᠤᠨ ᠵᠥᠪᠯᠡᠯᠳᠦᠬᠦ ᠠᠭᠤᠯᠵᠠᠯᠲᠠ ᠳᠣᠯᠣᠳᠤᠭᠠᠷ ᠰᠠᠷ᠎ᠠ ᠶᠢᠨ 17 – 18 ᠍ ᠳᠦ ᠬᠣᠪᠳᠣ ᠠᠶᠢᠮᠠᠭ ᠲᠤ ᠪᠣᠯᠤᠯ᠎ᠠ᠃
ᠠᠭᠤᠯᠵᠠᠯᠲᠠ ᠳᠤ ᠣᠯᠠᠨ ᠤᠯᠤᠰ ᠤᠨ ᠰᠢᠪᠠᠭᠤ ᠰᠤᠳᠤᠯᠤᠯ ᠤᠨ ᠪᠠᠶᠢᠭᠤᠯᠤᠯᠭ᠎ᠠ ᠶᠢᠨ ᠮᠡᠷᠭᠡᠵᠢᠯᠲᠡᠳ ᠂  ᠬᠤᠲᠤᠩ ᠰᠢᠪᠠᠭᠤ ᠰᠤᠳᠤᠯᠤᠭᠠᠴᠢ ᠡᠷᠳᠡᠮᠲᠡᠳ ᠪᠣᠯᠤᠨ ᠬᠣᠪᠳᠣ ᠠᠶᠢᠮᠠᠭ ᠤᠨ ᠪᠠᠶᠢᠭᠠᠯᠢ ᠣᠷᠴᠢᠨ ᠤ ᠴᠢᠭᠯᠡᠯ ᠦᠨ ᠪᠠᠶᠢᠭᠤᠯᠤᠯᠭ᠎ᠠ ᠶᠢᠨ ᠤᠳᠤᠷᠢᠳᠤᠯᠭ᠎ᠠ᠂ ᠲᠥᠯᠥᠭᠡᠯᠡᠯ᠂  ᠬᠤᠲᠤᠩ ᠪᠦᠬᠦᠢ ᠭᠠᠵᠠᠷ ᠤᠨ ᠪᠠᠶᠢᠭᠠᠯᠢ ᠬᠠᠮᠠᠭᠠᠯᠠᠭᠴᠢᠳ ᠣᠷᠣᠯᠴᠠᠵᠤ᠂ ᠰᠠᠨᠠᠯ ᠰᠤᠯᠢᠯᠴᠠᠪᠠ᠃
ᠡᠨᠡᠬᠦ ᠵᠥᠪᠯᠡᠯᠳᠦᠬᠦ ᠠᠭᠤᠯᠵᠠᠯᠲᠠ ᠶᠢ ᠮᠣᠩᠭᠣᠯ ᠤᠯᠤᠰ᠂ ᠲᠡᠷᠡ ᠳᠤᠮᠳᠠ ᠪᠠᠨ ᠬᠣᠪᠳᠣ ᠠᠶᠢᠮᠠᠭ ᠲᠤ ᠠᠩᠬ᠎ᠠ ᠤᠳᠠᠭ᠎ᠠ ᠵᠣᠬᠢᠶᠠᠨ ᠪᠠᠶᠢᠭᠤᠯᠵᠤ ᠪᠠᠶᠢᠭ᠎ᠠ ᠶᠤᠮ᠃ ᠮᠣᠩᠭᠣᠯ ᠤᠯᠤᠰ ᠤᠨ ᠨᠡᠩ ᠬᠣᠪᠣᠷ᠂ ᠬᠣᠪᠣᠷ ᠠᠮᠢᠲᠠᠨ᠂ ᠤᠷᠭᠤᠮᠠᠯ ᠢ ᠬᠠᠮᠠᠭᠠᠯᠠᠬᠤ ᠵᠣᠷᠢᠯᠭ᠎ᠠ ᠪᠦᠬᠦᠢ ︽ᠤᠯᠠᠭᠠᠨ ᠨᠣᠮ︾ ᠳᠤ ᠣᠷᠣᠭᠰᠠᠨ ᠪᠤᠷᠵᠢᠭᠢᠷ ᠬᠤᠲᠤᠩ ᠰᠢᠪᠠᠭᠤ ᠨᠢ ᠮᠣᠩᠭᠣᠯ ᠣᠷᠣᠨ ᠤ ᠪᠠᠷᠠᠭᠤᠨ ᠬᠡᠰᠡᠭ ᠦᠨ ᠴᠥᠭᠡᠨ ᠬᠡᠳᠦᠨ ᠨᠠᠭᠤᠷ ᠲᠤ ᠡᠭᠦᠷᠯᠡᠵᠦ᠂ ᠥᠨᠳᠡᠭᠡᠯᠡᠨ᠂ ᠬᠢᠲᠠᠳ ᠤᠨ ᠵᠡᠭᠦᠨ ᠡᠮᠦᠨᠡᠲᠦ ᠬᠡᠰᠡᠭ ᠢᠶᠡᠷ ᠡᠪᠦᠯᠵᠢᠳᠡᠭ᠃  ᠬᠣᠪᠳᠣ ᠠᠶᠢᠮᠠᠭ ᠤᠨ ᠨᠤᠲᠤᠭ ᠲᠤ ᠬᠤᠲᠤᠩ ᠰᠢᠪᠠᠭᠤ ᠵᠤᠰᠠᠵᠤ᠂ ᠦᠷ᠎ᠡ ᠲᠥᠯ ᠢᠶᠡᠨ ᠠᠪᠳᠠᠭ ᠴᠣᠷ ᠤᠨ ᠭᠠᠭᠴᠠ ᠥᠯᠥᠭᠡᠢ ᠪᠣᠯ ᠬᠠᠷ᠎ᠠ ᠤᠰᠤ ᠨᠠᠭᠤᠷ ᠶᠤᠮ᠃ ᠬᠠᠮᠤᠭ ᠤᠨ ᠰᠡᠭᠦᠯ ᠳᠦ ᠬᠢᠭᠰᠡᠨ ᠰᠤᠳᠤᠯᠭ᠎ᠠ ᠪᠠᠷ ᠤᠭ ᠭᠠᠵᠠᠷ ᠲᠤ 60 ᠭᠠᠷᠤᠢ ᠬᠤᠲᠤᠩ ᠰᠢᠪᠠᠭᠤ ᠥᠨᠳᠡᠭᠡᠯᠡᠨ ᠵᠤᠰᠠᠵᠤ ᠪᠠᠶᠢᠨ᠎ᠠ᠃

ᠰᠡᠳᠬᠢᠭᠳᠡᠯ ᠦᠯᠡᠳᠡᠭᠡᠬᠦ