ᠡᠮᠭᠡᠭ ᠨᠢᠷᠠᠢ ᠶᠢᠨ ᠲᠠᠰᠤᠭ ᠢ ᠢᠵᠢ ᠪᠦᠷᠢᠨ ᠢᠶᠡᠷ ᠲᠣᠬᠢᠵᠢᠭᠤᠯᠤᠯ᠎ᠠ | News.MN

ᠡᠮᠭᠡᠭ ᠨᠢᠷᠠᠢ ᠶᠢᠨ ᠲᠠᠰᠤᠭ ᠢ ᠢᠵᠢ ᠪᠦᠷᠢᠨ ᠢᠶᠡᠷ ᠲᠣᠬᠢᠵᠢᠭᠤᠯᠤᠯ᠎ᠠ

ᠤᠪᠰᠤ ᠠᠶᠢᠮᠠᠭ ᠲᠤ 1999 ᠣᠨ ᠳᠤ ᠳᠤᠮᠳᠠᠳᠤ ᠰᠤᠷᠭᠠᠭᠤᠯᠢ ᠲᠡᠭᠦᠰᠦᠭᠴᠢᠳ ᠦᠨ 20 ᠵᠢᠯ ᠦᠨ ᠣᠢ ᠶᠢᠨ ᠪᠠᠶᠠᠷ ᠡᠨᠡ ᠰᠠᠷ᠎ᠠ ᠶᠢᠨ 15-17  ᠳᠦ ᠤᠯᠠᠭᠠᠨ ᠭᠤᠮ ᠬᠤᠲᠠ ᠳᠤ ᠪᠣᠯᠤᠯ᠎ᠠ᠃
ᠲᠡᠭᠦᠰᠦᠯᠲᠡ ᠶᠢᠨ ᠬᠢᠨ ᠠᠶᠢᠮᠠᠭ ᠤᠨ ᠨᠢᠭᠡᠳᠦᠭᠰᠡᠨ ᠡᠮᠨᠡᠯᠭᠡ ᠶᠢᠨ ᠲᠥᠷᠥᠬᠦ ᠲᠠᠰᠤᠭ ᠤᠨ ᠡᠮᠭᠡᠭ ᠨᠢᠷᠠᠢ ᠶᠢᠨ ᠥᠷᠥᠭᠡ ᠶᠢ 15 ᠰᠠᠶ᠎ᠠ ᠲᠥᠭᠥᠷᠢᠭ ᠢᠶᠡᠷ ᠢᠵᠢ ᠪᠦᠷᠢᠨ ᠲᠣᠬᠢᠵᠢᠭᠤᠯᠵᠤ ᠥᠭᠭᠦᠭᠰᠡᠨ ᠶᠤᠮ᠃ ᠡᠮᠭᠡᠭ ᠨᠢᠷᠠᠢ ᠶᠢᠨ ᠲᠠᠰᠤᠭ ᠲᠤ ᠨᠡᠩ ᠱᠠᠭᠠᠷᠳᠠᠯᠭ᠎ᠠ ᠲᠠᠢ ᠪᠠᠶᠢᠭᠰᠠᠨ ᠲᠣᠨᠣᠭ ᠲᠥᠬᠥᠭᠡᠷᠦᠮᠵᠢ᠂ ᠪᠠᠭᠠᠵᠢ ᠬᠡᠷᠡᠭᠰᠡᠯ ᠦᠳ ᠢ 1999 ᠣᠨ ᠤ ᠲᠡᠭᠦᠰᠦᠭᠴᠢᠳ ᠦᠨ ᠡᠭᠦᠰᠬᠡᠨ ᠪᠠᠶᠢᠭᠤᠯᠤᠭᠰᠠᠨ ︽ᠴᠡᠩᠬᠡᠷ ᠬᠢᠵᠠᠭᠠᠷ-99︾ ᠲᠥᠷᠥ ᠶᠢᠨ ᠪᠤᠰᠤ ᠪᠠᠶᠢᠭᠤᠯᠤᠯᠭ᠎ᠠ ᠠᠴᠠ ᠬᠠᠨᠳᠢᠪᠯᠠᠭᠰᠠᠨ ᠳᠤ ᠠᠶᠢᠮᠠᠭ ᠤᠨ ᠨᠢᠭᠡᠳᠦᠭᠰᠡᠨ ᠡᠮᠨᠡᠯᠭᠡ ᠶᠢᠨ ᠲᠥᠷᠥᠬᠦ ᠲᠠᠰᠤᠭ ᠤᠨ ᠬᠠᠮᠲᠤ ᠣᠯᠠᠨ ᠲᠠᠯᠠᠷᠬᠠᠯ ᠢᠯᠡᠷᠬᠡᠶᠢᠯᠡᠪᠡ᠃

ᠰᠡᠳᠬᠢᠭᠳᠡᠯ ᠦᠯᠡᠳᠡᠭᠡᠬᠦ