ᠳᠠᠷᠬᠠᠨᠴᠤᠳ  ᠤᠨ ᠤᠷᠠᠯᠠᠭᠰᠠᠨ ᠰᠣᠷ ᠪᠦᠲᠦᠭᠡᠯ ᠦᠳ ᠢ ᠳᠡᠯᠭᠡᠨ᠎ᠡ | News.MN

ᠳᠠᠷᠬᠠᠨᠴᠤᠳ  ᠤᠨ ᠤᠷᠠᠯᠠᠭᠰᠠᠨ ᠰᠣᠷ ᠪᠦᠲᠦᠭᠡᠯ ᠦᠳ ᠢ ᠳᠡᠯᠭᠡᠨ᠎ᠡ

ᠳᠠᠷᠢᠭᠠᠩᠭ᠎ᠠ ᠮᠥᠩᠭᠥᠨ ᠤᠷᠠᠯᠠᠯ ᠤᠨ ᠰᠣᠷ ᠪᠣᠯᠤᠭᠰᠠᠨ ᠴᠠᠮᠢᠨ ᠨᠠᠷᠢᠨ ᠤᠷ᠎ᠠ ᠬᠢᠴᠡ ᠪᠦᠬᠦᠢ ᠮᠥᠩᠭᠥᠨ ᠡᠳ᠋ᠯᠡᠯ ᠦᠨ 200 ᠣᠷᠴᠢᠮ ᠴᠤᠭᠯᠠᠭᠤᠯᠭ᠎ᠠ᠂ ᠠᠷᠠᠳ ᠢᠷᠭᠡᠳ ᠲᠦ ᠬᠠᠳᠠᠭᠠᠯᠠᠭᠳᠠᠵᠤ ᠪᠤᠢ 10 ᠭᠠᠷᠤᠢ ᠦᠵᠡᠮᠦᠷᠢ ᠡᠴᠡ ᠪᠦᠷᠢᠳᠦᠭᠰᠡᠨ ︽ᠨᠠᠨᠳᠢᠨ ᠥᠪ ︾ ᠲᠤᠰᠬᠠᠢ ᠦᠵᠡᠰᠬᠦᠯᠡᠩ ᠮᠣᠩᠭᠣᠯ ᠤᠨ ᠦᠨᠳᠦᠰᠦᠨ ᠦ ᠮᠦᠽᠧᠢ ᠳᠦ ᠮᠠᠷᠭᠠᠰᠢ ᠠᠴᠠ ᠦᠵᠡᠭᠴᠢᠳ ᠦᠨ ᠬᠦᠷᠲᠡᠭᠡᠯ ᠪᠣᠯᠬᠤ ᠶᠤᠮ᠃ ᠡᠯ᠎ᠡ ᠦᠵᠡᠰᠬᠦᠯᠡᠩ ᠡᠴᠡ ᠳᠠᠷᠢᠭᠠᠩᠭ᠎ᠠ ᠳᠠᠷᠬᠠᠳ ᠤᠨ ᠤᠷᠠᠯᠠᠭᠰᠠᠨ ᠮᠥᠩᠭᠥᠨ ᠡᠮᠡᠭᠡᠯ᠂ ᠬᠠᠵᠠᠭᠠᠷ᠂ ᠬᠡᠲᠡ ᠬᠢᠲᠤᠭ᠎ᠠ᠂ ᠠᠶᠠᠭᠠᠨ ᠠᠴᠠ ᠬᠡ ᠤᠭᠠᠯᠵᠠᠨ ᠤ ᠳᠠᠩ᠂ ᠳᠠᠪᠬᠤᠷ ᠰᠦᠯᠵᠢᠶ᠎ᠡ᠂ ᠬᠠᠵᠢ᠂ ᠰᠠᠮᠨᠠᠭ᠎ᠠ᠂ ᠬᠦᠳᠡᠯᠭᠡᠭᠡᠨᠲᠦ ᠯᠤᠤ᠂ ᠴᠡᠴᠡᠭ᠂ ᠨᠠᠪᠴᠢ᠂ ᠡᠷᠪᠡᠬᠡᠢ ᠶᠢ ᠤᠬᠤᠵᠤ ᠭᠠᠷᠭᠠᠭᠰᠠᠨ ᠭᠣᠶᠢᠳᠠ ᠤᠷ᠎ᠠ ᠶᠢ ᠲᠣᠳᠣᠬᠠᠨ ᠬᠠᠷᠠᠵᠤ ᠪᠣᠯᠤᠨ᠎ᠠ᠃
ᠠᠷᠪᠠ ᠶᠢᠰᠦᠳᠦᠭᠡᠷ ᠵᠠᠭᠤᠨ ᠠᠴᠠ ᠡᠳᠦᠭᠡ ᠬᠦᠷᠲᠡᠯ᠎ᠡ ᠳᠠᠷᠢᠭᠠᠩᠭ᠎ᠠ ᠨᠤᠲᠤᠭ ᠠᠴᠠ ᠬᠡᠳᠦᠨ ᠠᠷᠪᠠᠨ ᠠᠯᠳᠠᠷᠲᠠᠢ ᠤᠷᠠᠨ ᠳᠠᠷᠬᠠᠨ ᠲᠥᠷᠥᠨ ᠭᠠᠷᠤᠭᠰᠠᠨ ᠲᠡᠦᠬᠡ ᠲᠡᠢ᠃ ᠡᠳᠡᠭᠡᠷ ᠡᠴᠡ ᠰᠦᠬᠡᠪᠠᠭᠠᠲᠤᠷ ᠠᠶᠢᠮᠠᠭ ᠤᠨ ᠤᠭᠰᠠᠭᠠᠲᠠᠨ ᠤ ᠵᠦᠢ ᠶᠢᠨ ᠮᠦᠽᠧᠢ ᠶᠢᠨ ᠰᠠᠩ ᠬᠥᠮᠥᠷᠭᠡ ᠳᠦ ᠯᠠᠰᠠᠷᠠᠨ᠂ ᠳ∙ᠮᠣᠯᠣᠮ᠂ ᠳ∙ᠳᠦᠢᠩᠬᠡᠷ᠂ ᠱ ∙ ᠳᠣᠨᠳᠣᠪ᠂ ᠮ∙ᠰᠡᠩᠭᠡᠳᠣᠣ᠂ ᠮ∙ᠪᠠᠯᠳᠠᠨ-ᠣᠰᠣᠷ᠂ ᠮ∙ᠵᠤᠨᠳᠤᠢ᠂ ᠨ∙ᠰᠣᠳᠣᠪ᠂ ᠨ∙ᠠᠮᠤᠷᠲᠠᠶᠢᠪᠤᠩ᠂ ᠱ ∙ ᠳᠠᠸᠠᠳᠣᠷᠵᠢ᠂ ᠪ∙ᠬᠦᠷᠡᠯᠪᠠᠭᠠᠲᠤᠷ ᠵᠡᠷᠭᠡ ᠳᠠᠷᠬᠠᠨ ᠤ ᠰᠢᠯᠢᠳᠡᠭ ᠪᠦᠲᠦᠭᠡᠯ ᠦᠳ ᠬᠠᠳᠠᠭᠠᠯᠠᠭᠳᠠᠵᠤ᠂ ᠣᠯᠠᠨ ᠤ ᠬᠦᠷᠲᠡᠭᠡᠯ ᠪᠣᠯᠵᠤ ᠪᠠᠶᠢᠨ᠎ᠠ᠃ ᠳᠠᠷᠢᠭᠠᠩᠭ᠎ᠠ ᠶᠢᠨ ᠠᠯᠳᠠᠷᠲᠤ ᠳᠠᠷᠬᠠᠨ ᠱ∙ᠳᠣᠨᠳᠣᠪ ᠤᠨ ᠤᠷᠠᠯᠠᠭᠰᠠᠨ ᠳᠠᠷᠢᠭᠠᠩᠭ᠎ᠠ ᠡᠬᠡᠨᠡᠷ ᠦᠨ ᠲᠣᠯᠣᠭᠠᠢ ᠶᠢᠨ ᠭᠤᠶᠤᠯᠠᠯ ᠪᠠ ᠬᠤᠲᠠᠯᠠᠪᠠᠶᠠᠷ ᠤᠨ ᠤᠷᠠᠯᠠᠭᠰᠠᠨ ᠦᠵᠦᠮᠦᠴᠢᠨ ᠡᠬᠡᠨᠡᠷ ᠦᠨ ᠲᠣᠯᠣᠭᠠᠢ ᠶᠢᠨ ᠭᠤᠶᠤᠯᠠᠯ ᠮᠣᠩᠭᠣᠯ ᠤᠯᠤᠰ ᠤᠨ ︽ᠬᠣᠣᠰ ᠦᠭᠡᠢ ᠦᠨᠡᠲᠦ︾ ᠥᠪ ᠢᠶᠡᠷ ᠪᠦᠷᠢᠳᠬᠡᠭᠳᠡᠭᠰᠡᠨ ᠪᠠᠶᠢᠳᠠᠭ᠃

ᠰᠡᠳᠬᠢᠭᠳᠡᠯ ᠦᠯᠡᠳᠡᠭᠡᠬᠦ