33 ᠢᠷᠭᠡᠨ ᠲᠦᠢᠮᠡᠷ ᠲᠤ ᠠᠮᠢ ᠪᠠᠨ ᠠᠯᠳᠠᠵᠠᠢ | News.MN

33 ᠢᠷᠭᠡᠨ ᠲᠦᠢᠮᠡᠷ ᠲᠤ ᠠᠮᠢ ᠪᠠᠨ ᠠᠯᠳᠠᠵᠠᠢ

ᠣᠨ ᠭᠠᠷᠤᠭᠰᠠᠭᠠᠷ ᠤᠯᠤᠰ ᠤᠨ ᠬᠡᠮᠵᠢᠶᠡᠨ ᠳᠦ ᠳᠣᠯᠣᠳᠤᠭᠠᠷ ᠰᠠᠷ᠎ᠠ ᠶᠢᠨ 08 ᠍ ᠤ ᠪᠠᠶᠢᠳᠠᠯ ᠢᠶᠠᠷ ᠨᠡᠶᠢᠲᠡ 2956 ᠤᠳᠠᠭ᠎ᠠ ᠶᠢᠨ ᠭᠠᠯ ᠲᠦᠢᠮᠡᠷ ᠭᠠᠷᠴᠤ᠂ ᠲᠦᠢᠮᠡᠷ ᠲᠤ 33 ᠢᠷᠭᠡᠨ︵ᠲᠣᠮᠣ ᠬᠦᠮᠦᠨ 2᠂ ᠬᠡᠦᠬᠡᠳ 12︶ ᠠᠮᠢ ᠨᠠᠰᠤ ᠪᠠᠨ ᠠᠯᠳᠠᠵᠤ ᠂ 13 ᠢᠷᠭᠡᠨ ︵ᠲᠣᠮᠣ ᠬᠦᠮᠦᠨ 9᠂ ᠬᠡᠦᠬᠡᠳ 4︶ ᠲᠦᠯᠡᠭᠳᠡᠵᠦ᠂ ᠭᠡᠮᠲᠦᠭᠰᠡᠨ ᠪᠠᠶᠢᠨ᠎ᠠ᠃ ᠡᠶᠢᠮᠦ ᠳᠦ᠄
• ᠪᠠᠭ᠎ᠠ ᠨᠠᠰᠤᠨ ᠤ ᠬᠡᠦᠬᠡᠳ ᠢ ᠬᠠᠷᠠᠭ᠎ᠠ ᠬᠢᠨᠠᠯᠲᠠ ᠦᠭᠡᠢ ᠭᠡᠷ ᠲᠦ ᠨᠢ ᠴᠣᠣᠵᠢᠯᠠᠵᠤ ᠦᠯᠡᠳᠡᠭᠡᠬᠦ ᠦᠭᠡᠢ ᠪᠠᠶᠢᠬᠤ᠂
• ᠴᠠᠬᠢᠯᠭᠠᠨ ᠤ ᠤᠲᠠᠰᠤ᠂ ᠵᠠᠯᠭᠠᠭᠤᠷ᠂ ᠢᠯᠡ ᠭᠠᠷᠬᠤ ᠵᠦᠢᠯᠡᠰ᠂ ᠰᠢᠲᠠᠬᠤ᠂ ᠲᠣᠰᠣᠯᠠᠬᠤ ᠮᠠᠲ᠋ᠧᠷᠢᠶᠠᠯ ᠢ ᠪᠠᠭ᠎ᠠ ᠨᠠᠰᠤᠨ ᠤ ᠬᠡᠦᠬᠡᠳ ᠡᠴᠡ ᠬᠣᠯᠠ ᠪᠠᠶᠢᠯᠭᠠᠬᠤ᠂
• ᠬᠠᠯᠠᠭᠤᠨ ᠦᠨᠡᠰᠦ ᠨᠤᠷᠮ᠎ᠠ᠂ ᠭᠠᠯ ᠲᠠᠢ ᠬᠣᠭ ᠬᠠᠶᠠᠭᠳᠠᠯ ᠢ ᠬᠣᠭ ᠤᠨ ᠢᠯᠡ ᠴᠡᠭ ᠲᠦ ᠬᠠᠶᠠᠬᠤ ᠦᠭᠡᠢ ᠪᠠᠶᠢᠬᠤ᠂ ᠰᠢᠩᠭᠡᠷᠡᠭᠦᠯᠦᠭᠰᠡᠨ ᠰᠢᠲᠠᠳᠠᠭ ᠬᠡᠢ ᠪᠣᠯᠤᠨ ᠴᠠᠬᠢᠯᠭᠠᠨ ᠢᠶᠠᠷ ᠠᠵᠢᠯᠯᠠᠳᠠᠭ ᠲᠤᠯᠭ᠎ᠠ᠂ ᠵᠤᠤᠬ᠎ᠠ ᠶᠢ ᠠᠰᠢᠭᠯᠠᠬᠤ ᠳᠤ ᠪᠠᠨ ᠠᠶᠤᠯ ᠦᠭᠡᠢ ᠠᠵᠢᠯᠯᠠᠭᠠᠨ ᠤ ᠳᠦᠷᠢᠮ᠂ ᠵᠢᠷᠤᠮ ᠢ ᠪᠠᠷᠢᠮᠲᠠᠯᠠᠬᠤ᠂
• ᠴᠠᠬᠢᠯᠭᠠᠨ ᠬᠠᠯᠠᠭᠠᠭᠤᠷ᠂ ᠬᠠᠯᠠᠭᠠᠭᠴᠢ ᠶᠢ ᠠᠰᠢᠭᠯᠠᠬᠤ ᠳᠤ ᠪᠠᠨ ᠴᠠᠬᠢᠯᠭᠠᠨ ᠠᠰᠢᠭᠯᠠᠯᠲᠠ ᠶᠢᠨ ᠳᠦᠷᠢᠮ᠂ ᠵᠢᠷᠤᠮ ᠢ ᠮᠦᠷᠳᠡᠬᠦ ᠂ ᠠᠶᠦᠯᠭᠦᠢ ᠠᠵᠢᠯᠯᠠᠭᠠᠨ ᠤ ᠵᠢᠭᠠᠪᠤᠷᠢ᠂ ᠵᠢᠭᠠᠪᠤᠷᠢᠴᠢᠯᠠᠭ᠎ᠠ ᠠᠪᠬᠤ᠂ ᠮᠡᠷᠭᠡᠵᠢᠯ ᠦᠨ ᠴᠠᠬᠢᠯᠭᠠᠨᠴᠢ ᠪᠠᠷ ᠬᠣᠯᠪᠣᠭᠤᠯᠬᠤ᠂ ᠬᠣᠯᠪᠣᠭᠳᠠᠬᠤ ᠪᠠᠶᠢᠭᠤᠯᠤᠯᠭ᠎ᠠ ᠠᠴᠠ ᠥᠭᠴᠦ ᠪᠠᠶᠢᠭ᠎ᠠ ᠵᠢᠭᠠᠪᠤᠷᠢ᠂ ᠵᠥᠪᠯᠡᠮᠵᠢ ᠶᠢ ᠳᠠᠭᠠᠵᠤ ᠮᠥᠷᠳᠡᠬᠦ
• ᠭᠠᠷᠠᠰᠢ᠂ ᠢᠯᠡ ᠵᠣᠭᠰᠣᠭᠠᠯ ᠳᠤ ᠮᠠᠰᠢᠨ ᠢᠶᠠᠨ ᠪᠠᠶᠢᠷᠢᠯᠠᠭᠤᠯᠬᠤ ᠳᠤ ᠪᠠᠨ ᠭᠠᠯ ᠤᠨ ᠠᠶᠤᠯᠭᠦᠢ ᠶᠢᠨ ᠵᠠᠢ ᠶᠢᠨ ᠬᠡᠮᠵᠢᠶ᠎ᠡ ᠶᠢ ᠪᠠᠷᠢᠮᠲᠠᠯᠠᠬᠤ᠂
• ᠠᠵᠤ ᠠᠬᠤᠢ᠂ ᠨᠢᠭᠡᠴᠡ ᠪᠠᠶᠢᠭᠤᠯᠤᠯᠭ᠎ᠠ ᠨᠤᠭᠤᠳ ᠪᠠᠷᠢᠯᠭ᠎ᠠ ᠪᠠᠶᠢᠭᠤᠯᠤᠮᠵᠢ ᠶᠢᠨ ᠭᠠᠯ ᠤᠨ ᠠᠶᠦᠯᠭᠦᠢ ᠪᠠᠶᠢᠳᠠᠯ᠂ ᠭᠠᠯ ᠤᠨᠲᠠᠷᠠᠭᠠᠬᠤ ᠠᠦ᠋ᠲ᠋ᠣᠮᠠᠲ ᠲᠣᠨᠣᠭ ᠲᠥᠬᠥᠭᠡᠷᠦᠮᠵᠢ᠂ ᠳᠣᠬᠢᠶᠠᠯᠠᠯ᠂ ᠭᠠᠯ ᠤᠨᠲᠠᠷᠠᠭᠠᠬᠤ ᠠᠩᠬᠠᠨ ᠱᠠᠲᠤᠨ ᠤ ᠪᠠᠭᠠᠵᠢ ᠬᠡᠷᠡᠭᠰᠡᠯ ᠦᠨ ᠪᠡᠯᠡᠨ ᠪᠠᠶᠢᠳᠠᠯ ᠢ ᠬᠠᠩᠭᠠᠵᠤ᠂ ᠬᠢᠨᠠᠯᠲᠠ ᠶᠢᠨ ᠺᠠᠮᠧᠷ᠂ ᠬᠠᠷᠠᠭᠤᠯ ᠬᠠᠮᠠᠭᠠᠯᠠᠯᠲᠠ ᠶᠢ ᠰᠠᠶᠢᠵᠢᠷᠠᠭᠤᠯᠬᠤ᠂ ᠶᠠᠭᠠᠷᠠᠯᠲᠠᠢ ᠦᠶ᠎ᠡ ᠳᠦ ᠬᠣᠯᠪᠣᠭᠳᠠᠬᠤ ᠤᠲᠠᠰᠤᠨ ᠤ ᠳ᠋ᠤᠭᠠᠷ ᠵᠢᠭᠰᠠᠭᠠᠯᠲᠠ ᠶᠢ ᠲᠣᠳᠣᠳᠬᠠᠬᠤ᠂
• ᠭᠠᠯ ᠤᠨᠲᠠᠷᠠᠭᠠᠬᠤ ᠲᠤᠰᠬᠠᠢ ᠵᠣᠷᠢᠭᠤᠯᠤᠯᠲᠠ ᠶᠢᠨ ᠮᠠᠰᠢᠨ ᠬᠦᠷᠦᠯᠴᠡᠨ ᠣᠴᠢᠬᠤ ᠵᠠᠮ᠂ ᠭᠠᠷᠴᠠ᠂ ᠪᠠᠷᠢᠯᠭ᠎ᠠ ᠪᠠᠶᠢᠭᠤᠯᠤᠮᠵᠢ ᠶᠢᠨ ᠠᠪᠤᠷᠠᠯᠲᠠ ᠶᠢᠨ ᠵᠠᠮ᠂ ᠭᠠᠷᠴᠠ ᠶᠢ ᠴᠢᠯᠦᠭᠡᠲᠡᠢ ᠪᠠᠶᠢᠯᠭᠠᠬᠤ ᠶᠢ ᠣᠨᠴᠠᠭᠠᠢ ᠪᠠᠶᠢᠳᠠᠯ ᠤᠨ ᠶᠡᠷᠦᠩᠬᠡᠢ ᠭᠠᠵᠠᠷ ᠠᠴᠠ ᠠᠩᠬᠠᠷᠤᠭᠤᠯᠵᠤ ᠪᠠᠶᠢᠨ᠎ᠠ

ᠰᠡᠳᠬᠢᠭᠳᠡᠯ ᠦᠯᠡᠳᠡᠭᠡᠬᠦ