ᠬᠣᠨᠢᠨ ᠤ ᠮᠢᠬ᠎ᠠ ᠬᠢᠮᠳᠠᠷᠠᠵᠤ ᠂ ᠦᠬᠡᠷ ᠦᠨ ᠮᠢᠬ᠎ᠠ ᠥᠰᠴᠠᠢ | News.MN

ᠬᠣᠨᠢᠨ ᠤ ᠮᠢᠬ᠎ᠠ ᠬᠢᠮᠳᠠᠷᠠᠵᠤ ᠂ ᠦᠬᠡᠷ ᠦᠨ ᠮᠢᠬ᠎ᠠ ᠥᠰᠴᠠᠢ

ᠨᠡᠶᠢᠰᠯᠡᠯ ᠦᠨ ᠰᠲ᠋ᠠᠲ᠋ᠢᠰᠲ᠋ᠢᠺ ᠤᠨ ᠭᠠᠵᠠᠷ ᠠᠴᠠ ᠥᠷᠭᠡᠨ ᠬᠡᠷᠡᠭᠯᠡᠭᠡᠨ ᠦ ᠪᠠᠷᠠᠭ᠎ᠠ ᠪᠦᠲᠦᠭᠡᠭᠳᠡᠬᠦᠨ ᠦ ᠦᠨ᠎ᠡ ᠶᠢ ᠰᠤᠳᠤᠯᠭ᠎ᠠ ᠶᠢ ᠭᠠᠷᠭᠠᠭᠰᠠᠨ ᠪᠠᠶᠢᠨ᠎ᠠ᠃
2019 ᠣᠨ ᠤ ᠳᠣᠯᠣᠳᠤᠭᠠᠷ ᠰᠠᠷ᠎ᠠ ᠶᠢᠨ ᠬᠤᠶᠠᠳᠠᠬᠢ ᠳᠣᠯᠣᠭ᠎ᠠ ᠬᠣᠨᠣᠭ ᠲᠤ ᠬᠣᠨᠢᠨ ᠤ ᠶᠠᠰᠤ ᠲᠠᠢ ᠮᠢᠬ᠎ᠠ ᠨᠢᠭᠡ ᠺᠢᠯᠦᠭᠷᠡᠮ ᠨᠢ ᠳᠤᠮᠳᠠᠴᠢ ᠪᠠᠷ 10 ᠮᠢᠩᠭ᠎ᠠ 76 ᠲᠥᠭᠥᠷᠢᠭ᠂ ᠦᠬᠡᠷ ᠦᠨ ᠶᠠᠰᠤ ᠲᠠᠢ ᠮᠢᠬ᠎ᠠ ᠨᠢᠭᠡ  ᠺᠢᠯᠦᠭᠷᠡᠮ ᠨᠢ ᠳᠤᠮᠳᠠᠴᠢ ᠪᠠᠷ 12 ᠮᠢᠩᠭ᠎ᠠ 427 ᠲᠥᠭᠥᠷᠢᠭ ᠦᠨ ᠦᠨ᠎ᠡ ᠲᠡᠢ ᠪᠠᠶᠢᠨ᠎ᠠ᠃ ᠦᠬᠡᠷ ᠦᠨ ᠶᠠᠰᠤ ᠲᠠᠢ ᠮᠢᠬᠠᠨ ᠤ ᠦᠨ᠎ᠡ ᠡᠮᠦᠨᠡᠬᠢ ᠳᠣᠯᠣᠭ᠎ᠠ ᠬᠣᠨᠣᠭ ᠲᠠᠢ ᠬᠠᠷᠢᠴᠠᠭᠤᠯᠬᠤ ᠳᠤ 153 ᠲᠥᠭᠥᠷᠢᠭ ︵1.2%︶ ᠢᠶᠡᠷ ᠂ ᠦᠬᠡᠷ ᠦᠨ ᠴᠤᠯᠤ ᠮᠢᠬᠠᠨ ᠤ ᠦᠨ᠎ᠡ 80 ᠲᠥᠭᠥᠷᠢᠭ ︵0.5%︶ ᠢᠶᠡᠷ ᠲᠤᠰ ᠲᠤᠰ ᠥᠰᠦᠭᠰᠡᠨ ᠪᠠᠶᠢᠨ᠎ᠠ᠃ ᠡᠨᠡ ᠳᠣᠯᠣᠭ᠎ᠠ ᠬᠣᠨᠣᠭ ᠤᠨ ᠠᠵᠢᠭᠯᠠᠯᠲᠠ ᠪᠠᠷ ᠦᠬᠡᠷ ᠦᠨ ᠶᠠᠰᠤ ᠲᠠᠢ ᠮᠢᠬ᠎ᠠ   ︽ᠬᠠᠷᠠᠬᠣᠷᠢᠨ︾ ᠬᠦᠨᠡᠰᠦᠨ ᠦ ᠵᠠᠬ᠎ᠠ ᠳᠤ ᠬᠠᠮᠤᠭ ᠤᠨ ᠬᠢᠮᠳᠠ ᠪᠤᠶᠤ 9500 ᠲᠥᠭᠥᠷᠢᠭ᠂ ᠬᠠᠷᠢᠨ  ︽ᠮᠧᠷᠺᠦ᠋ᠷᠢ︾᠂ ︽ᠲᠠᠪᠤᠨ-ᠡᠷᠳᠡᠨᠢ︾ ᠬᠦᠨᠡᠰᠦᠨ ᠦ ᠵᠠᠬ᠎ᠠ ᠨᠤᠭᠤᠳ ᠲᠤ ᠬᠠᠮᠤᠭ ᠤᠨ ᠥᠨᠳᠥᠷ ᠦᠨ᠎ᠡ ᠲᠡᠢ ᠪᠤᠶᠤ 13 ᠮᠢᠩᠭ᠎ᠠ 800 ᠲᠥᠭᠥᠷᠢᠭ ᠪᠠᠶᠢᠨ᠎ᠠ᠃
ᠡᠮᠦᠨᠡᠬᠢ ᠳᠣᠯᠣᠭ᠎ᠠ ᠬᠣᠨᠣᠭ ᠲᠠᠢ ᠬᠠᠷᠢᠴᠠᠭᠤᠯᠬᠤ ᠳᠤ ᠬᠣᠨᠢᠨ ᠤ ᠶᠠᠰᠤ ᠲᠠᠢ ᠮᠢᠬᠠᠨ ᠤ ᠦᠨ᠎ᠡ 56 ᠲᠥᠭᠥᠷᠢᠭ ︵0.6%︶ ᠢᠶᠡᠷ ᠪᠠᠭᠤᠷᠠᠵᠤ ᠂ ᠬᠠᠷᠢᠨ ᠬᠣᠨᠢᠨ ᠤ ᠴᠤᠯᠤ ᠮᠢᠬᠠᠨ ᠤ ᠦᠨ᠎ᠡ ᠲᠣᠭᠲᠠᠪᠤᠷᠢᠲᠠᠢ ᠪᠠᠶᠢᠯ᠎ᠠ᠃ ᠡᠨᠡ ᠳᠣᠯᠣᠭ᠎ᠠ ᠬᠣᠨᠣᠭ ᠤᠨ ᠠᠵᠢᠭᠯᠠᠯᠲᠠ ᠪᠠᠷ ᠬᠣᠨᠢᠨ ᠤ ᠶᠠᠰᠤ ᠲᠠᠢ ᠮᠢᠬ᠎ᠠ ︽ᠬᠠᠷᠠᠬᠣᠷᠢᠨ︾ ᠬᠦᠨᠡᠰᠦᠨ ᠦ ᠵᠠᠬ᠎ᠠ ᠳᠤ ᠬᠠᠮᠤᠭ ᠤᠨ ᠬᠢᠮᠳᠠ ᠪᠤᠶᠤ 8700 ᠲᠥᠭᠥᠷᠢᠭ ᠢᠶᠡᠷ᠂ ᠬᠠᠷᠢᠨ ᠪᠤᠰᠤᠳ ᠬᠦᠨᠡᠰᠦᠨ ᠦ ᠵᠠᠬ᠎ᠠ ᠨᠤᠭᠤᠳ ᠲᠤ ᠬᠠᠮᠤᠭ ᠤᠨ ᠥᠨᠳᠥᠷ ᠦᠨ᠎ᠡ ᠲᠡᠢ ᠪᠤᠶᠤ 11 ᠮᠢᠩᠭᠠᠨ ᠲᠥᠭᠥᠷᠢᠭ ᠢᠶᠡᠷ ᠬᠤᠳᠠᠯᠳᠤᠭᠠᠯᠠᠵᠤ ᠪᠠᠶᠢᠨ᠎ᠠ᠃

ᠰᠡᠳᠬᠢᠭᠳᠡᠯ ᠦᠯᠡᠳᠡᠭᠡᠬᠦ