The Hu ᠬᠠᠮᠲᠤᠯᠢᠭ ᠲᠠᠪᠤᠨ ᠱᠠᠩᠨᠠᠯ ᠠᠪᠴᠠᠢ | News.MN

The Hu ᠬᠠᠮᠲᠤᠯᠢᠭ ᠲᠠᠪᠤᠨ ᠱᠠᠩᠨᠠᠯ ᠠᠪᠴᠠᠢ

ᠦᠨᠳᠦᠰᠦᠨ ᠦ ᠶᠡᠬᠡ ᠪᠠᠶᠠᠷ ᠨᠠᠭᠠᠳᠤᠮ ᠢ ᠤᠭᠲᠤᠨ ᠵᠠᠰᠠᠭ ᠤᠨ ᠭᠠᠵᠠᠷ ᠠᠴᠠ 2019.07.10 ᠳᠦ The Hu ᠬᠠᠮᠲᠤᠯᠢᠭ ᠢ ᠬᠦᠨᠳᠦᠲᠦ ᠡᠷᠭᠦᠮᠵᠢᠯᠡᠯ ᠢᠶᠡᠷ ᠱᠠᠩᠨᠠᠯ᠎ᠠ ᠃ ᠲᠡᠭᠦᠨ ᠦ ᠠᠷᠤ ᠠᠴᠠ The Hu ᠬᠠᠮᠲᠤᠯᠢᠭ ᠤᠨ ᠬᠢᠨ ᠮᠣᠩᠭᠣᠯ ᠤᠯᠤᠰ ᠤᠨ ᠰᠤᠶᠤᠯ ᠤᠨ ᠲᠡᠷᠢᠭᠦᠨ ᠦ ᠠᠵᠢᠯᠲᠠᠨ ᠴᠣᠯᠠ ᠲᠡᠮᠳᠡᠭ ᠢᠶᠡᠷ᠂ ᠳᠠᠷᠠᠭ᠎ᠠ ᠪᠠᠷ ᠨᠢ ᠮᠣᠩᠭᠣᠯ ᠤᠨ ᠵᠠᠯᠠᠭᠤᠴᠤᠳ ᠤᠨ ᠬᠣᠯᠪᠣᠭᠠᠨ ᠤ ᠠᠮᠵᠢᠯᠲᠠ ᠶᠢᠨ ᠬᠦᠷᠡᠯ ᠣᠳᠣ ᠣᠳᠣᠨ᠂ ᠲᠡᠷᠢᠭᠦᠨ ᠦ ᠵᠠᠯᠠᠭᠤ ᠠᠯᠲᠠᠨ ᠮᠧᠳᠠᠯ᠂ ᠬᠥᠳᠡᠯᠮᠦᠷᠢ ᠶᠢᠨ ᠠᠯᠳᠠᠷ ᠠᠯᠲᠠᠨ ᠮᠧᠳᠠᠯ ᠢᠶᠠᠷ ᠲᠤᠰ ᠲᠤᠰ ᠱᠠᠩᠨᠠᠭᠤᠯᠵᠠᠢ᠃

︽ᠾᠦᠩᠨᠤ︾ ᠷᠣᠺ ᠬᠡᠮᠡᠬᠦ ᠴᠣ ᠰᠢᠨ᠎ᠡ ᠤᠷᠤᠰᠬᠠᠯ ᠢᠶᠠᠷ ᠮᠣᠩᠭᠣᠯ ᠲᠡᠳᠦᠢ ᠦᠭᠡᠢ ᠳᠡᠯᠡᠬᠡᠢ ᠶᠢ ᠱᠤᠤᠭᠢᠭᠤᠯᠵᠤ ᠪᠤᠢ The Hu ᠬᠠᠮᠲᠤᠯᠢᠭ ᠧᠦᠢᠷᠣᠫᠠ ᠶᠢ ᠪᠠᠶᠢᠯᠳᠤᠨ ᠳᠠᠭᠠᠭᠤᠯᠤᠭᠰᠠᠨ ᠠᠶᠠᠯᠠᠨ ᠲᠣᠭᠯᠠᠯᠲᠠ ᠪᠠᠨ ᠳᠠᠭᠤᠰᠬᠠᠵᠤ᠂ ᠡᠬᠡ ᠣᠷᠣᠨ ᠳᠤ ᠪᠠᠨ ᠳᠣᠯᠣᠳᠤᠭᠠᠷ ᠰᠠᠷ᠎ᠠ ᠶᠢᠨ 8 ᠍ ᠳᠦ ᠢᠷᠡᠭᠰᠡᠨ ᠪᠢᠯᠡ᠃ ᠲᠡᠳᠡ ᠧᠦ᠋ᠷᠣᠫᠠ ᠶᠢᠨ 13 ᠤᠯᠤᠰ ᠲᠤ ᠨᠡᠶᠢᠲᠡ 23 ᠲᠣᠭᠯᠠᠯᠲᠠ ᠵᠣᠬᠢᠶᠠᠨ ᠪᠠᠶᠢᠭᠤᠯᠬᠤ ᠶᠢᠨ ᠵᠡᠷᠭᠡᠴᠡᠭᠡ ᠬᠠᠮᠤᠭ ᠤᠨ ᠶᠡᠬᠡ ᠦᠵᠡᠭᠴᠢ ᠲᠡᠢ ᠳᠡᠯᠡᠬᠡᠢ ᠶᠢᠨ ᠲᠣᠮᠣᠬᠠᠨ ᠨᠠᠢᠮᠠᠨ ᠷᠣᠺ ᠹᠧᠰᠲ᠋ᠢᠸᠠᠯ ᠳᠤ ᠣᠷᠣᠯᠴᠠᠭᠠᠳ ᠢᠷᠡᠭᠰᠡᠨ ᠪᠢᠯᠡ᠃ ᠬᠠᠮᠲᠤᠯᠢᠭ ᠤᠨ ᠲᠤᠬᠠᠢ ᠧᠦ᠋ᠷᠣᠫᠠ ᠶᠢᠨ ᠣᠷᠣᠨ ᠨᠤᠭᠤᠳ ᠤᠨ ᠮᠡᠳᠡᠭᠡᠯᠡᠯ ᠦᠨ  ᠰᠠᠶᠢᠲ ᠤᠳ ᠣᠨᠴᠠᠯᠠᠵᠤ᠂ ᠲᠡᠳᠡᠨ ᠦ ᠪᠦᠲᠦᠭᠡᠯ ᠢ ᠳᠡᠯᠡᠬᠡᠢ ᠶᠢᠨ ᠰᠠᠶ᠎ᠠ ᠰᠠᠶ᠎ᠠ ᠰᠣᠨᠣᠰᠤᠭᠴᠢᠳ ᠲᠤ ᠬᠦᠷᠭᠡᠭᠰᠡᠨ ᠭᠡᠳᠡᠭ ᠢᠶᠡᠨ ᠳᠤᠭᠤᠯᠭᠠᠭᠰᠠᠨ ᠶᠤᠮ᠃

ᠰᠡᠳᠬᠢᠭᠳᠡᠯ ᠦᠯᠡᠳᠡᠭᠡᠬᠦ