ᠲᠤᠤᠺᠢᠤ᠋ ᠳᠤ ᠦᠯᠭᠡ ᠭᠦᠷᠪᠡᠯ ᠦᠨ ᠣᠯᠳᠠᠪᠤᠷᠢ ᠶᠢ ᠳᠡᠯᠭᠡᠯ᠎ᠡ | News.MN

ᠲᠤᠤᠺᠢᠤ᠋ ᠳᠤ ᠦᠯᠭᠡ ᠭᠦᠷᠪᠡᠯ ᠦᠨ ᠣᠯᠳᠠᠪᠤᠷᠢ ᠶᠢ ᠳᠡᠯᠭᠡᠯ᠎ᠡ

︽ᠲᠤᠤᠺᠢᠤ᠋ 2020 ᠣᠯᠢᠮᠫ︾ ᠢ ᠤᠭᠲᠤᠭᠰᠠᠨ ᠠᠷᠭ᠎ᠠ ᠬᠡᠮᠵᠢᠶ᠎ᠡ ᠨᠦᠭᠦᠳ ᠦᠨ ᠨᠢᠭᠡ ᠣᠯᠠᠨ ᠤᠯᠤᠰ ᠤᠨ  ᠳ᠋ᠢᠨᠤ᠋–ᠡᠺᠰᠫᠣ ᠦᠵᠡᠰᠬᠦᠯᠡᠩ ᠳᠦ ᠮᠣᠩᠭᠣᠯ ᠠᠴᠠ ᠣᠯᠳᠠᠭᠰᠠᠨ ᠭᠠᠶᠢᠬᠠᠮᠰᠢᠭ ᠤᠳ ᠤᠨ ᠨᠢᠭᠡ ᠳ᠋ᠸᠢᠢᠨᠤᠬᠠᠶᠢᠷᠦ᠋ᠰ ᠭᠡᠬᠦ ᠠᠪᠤᠷᠭᠤ ᠦᠯᠭᠡ ᠭᠦᠷᠪᠡᠯ ᠦᠨ ᠳᠡᠭᠡᠵᠢᠰ ᠲᠡᠷᠢᠭᠦᠲᠡᠢ ᠦᠵᠡᠮᠦᠷᠢ ᠨᠦᠭᠦᠳ ᠢ ᠳᠡᠯᠭᠡᠯ᠎ᠡ᠃ ᠣᠯᠢᠮᠫ ᠲᠠᠢ ᠵᠦᠢᠷᠯᠡᠵᠦ ᠪᠣᠯᠬᠤᠶᠢᠴᠠ ᠡᠨᠡᠬᠦ ᠲᠣᠮᠣᠬᠠᠨ ᠠᠷᠭ᠎ᠠ ᠬᠡᠮᠵᠢᠶᠡᠨ ᠳᠦ ᠰᠡᠭᠦᠯ ᠦᠨ ᠵᠢᠯ ᠦᠳ ᠲᠦ ᠦᠯᠭᠡ ᠭᠦᠷᠪᠡᠯ ᠦᠨ ᠰᠤᠳᠤᠯᠭ᠎ᠠ ᠪᠠᠷ ᠬᠢᠭᠰᠡᠨ ᠣᠯᠤᠯᠲᠠ ᠠᠮᠵᠢᠯᠲᠠ᠂ ᠦᠷ᠎ᠡ ᠳ᠋ᠦᠩ ᠢᠶᠡᠷ ᠢᠶᠡᠨ ᠮᠠᠩᠯᠠᠶᠢᠯᠠᠵᠤ ᠪᠤᠢ ᠠᠮᠧᠷᠢᠺᠠ ᠶᠢᠨ ᠨᠢᠭᠡᠳᠦᠭᠰᠡᠨ ᠤᠯᠤᠰ᠂ ᠶᠠᠫᠣᠨ᠂ ᠮᠣᠩᠭᠣᠯ ᠭᠡᠰᠡᠨ ᠭᠤᠷᠪᠠᠨ ᠤᠯᠤᠰ ᠣᠷᠣᠯᠴᠠᠵᠤ ᠪᠠᠶᠢᠭ᠎ᠠ ᠪᠥᠭᠡᠳ ᠮᠠᠨ ᠤ ᠤᠯᠤᠰ ᠠᠴᠠ 14 ᠦᠵᠡᠮᠦᠷᠢ ᠳᠡᠭᠡᠵᠢᠯᠡᠨ ᠲᠠᠨᠢᠯᠴᠠᠭᠤᠯᠵᠤ ᠪᠠᠶᠢᠭ᠎ᠠ ᠠᠵᠠᠢ᠃ ᠡᠨᠡ ᠰᠠᠷ᠎ᠠ ᠶᠢᠨ 13 ᠳᠦ ᠨᠡᠭᠡᠭᠡᠯᠲᠡ ᠪᠡᠨ ᠬᠢᠭᠰᠡᠨ ᠡᠯ᠎ᠡ ᠠᠷᠭ᠎ᠠ ᠬᠡᠮᠵᠢᠶᠡᠨ ᠳᠦ ᠰᠢᠨᠵᠢᠯᠡᠬᠦ ᠤᠬᠠᠭᠠᠨ ᠤ ᠠᠺᠠᠳ᠋ᠸᠮᠢ ᠶᠢᠨ ᠫᠠᠯᠧᠣᠨᠲ᠋ᠣᠯᠣᠭᠢ᠂ ᠭᠧᠣᠯᠣᠭᠢ ᠶᠢᠨ ᠬᠦᠷᠢᠶᠡᠯᠡᠩ ᠦᠨ ᠵᠠᠬᠢᠷᠤᠯ ᠳ᠋ᠣᠺᠲ᠋ᠣᠷ ᠬ᠂ ᠴᠣᠭᠲᠤᠪᠠᠭᠠᠲᠤᠷ ᠲᠡᠷᠢᠭᠦᠲᠡᠢ ᠰᠤᠳᠤᠯᠤᠭᠠᠴᠢᠳ ᠣᠷᠣᠯᠴᠠᠵᠤ ᠪᠠᠶᠢᠭ᠎ᠠ ᠶᠤᠮ᠃ ᠮᠥᠨ ᠡᠨᠡ ᠰᠠᠷ᠎ᠠ ᠶᠢᠨ ᠰᠡᠭᠦᠯᠴᠢ ᠪᠡᠷ ᠤᠯᠠᠭᠠᠨᠪᠠᠭᠠᠲᠤᠷ ᠬᠤᠲᠠ ᠳᠤ ᠠᠩᠬ᠎ᠠ ᠤᠳᠠᠭ᠎ᠠ ᠦᠯᠭᠡ ᠭᠦᠷᠪᠡᠯ ᠰᠤᠳᠤᠯᠤᠭᠠᠴᠢᠳ ᠨᠢᠭᠡ ᠳᠣᠣᠷ᠎ᠠ ᠴᠤᠭᠯᠠᠬᠤ ᠠᠽᠢᠶ᠎ᠠ ᠶᠢᠨ ᠳ᠋ᠢᠨᠤᠽᠠᠸᠠᠷ ᠤᠨ ᠣᠯᠠᠨ ᠤᠯᠤᠰ ᠤᠨ ᠬᠤᠷᠠᠯ ᠪᠣᠯᠬᠤ ᠶᠤᠮ᠃ ᠬᠣᠶᠠᠷ ᠡᠳᠦᠷ ᠤᠨ ᠬᠤᠷᠠᠯ ᠳᠦ 13 ᠣᠷᠣᠨ ᠤ 90 ᠣᠷᠴᠢᠮ ᠡᠷᠳᠡᠮᠲᠡᠨ ᠤᠷᠤᠯᠴᠠᠬᠤ ᠶᠤᠮ ᠪᠠᠶᠢᠨ᠎ᠠ᠃

ᠰᠡᠳᠬᠢᠭᠳᠡᠯ ᠦᠯᠡᠳᠡᠭᠡᠬᠦ