ᠳᠣᠷᠣᠨᠠᠲᠤ 53 ᠵᠢᠯ ᠦᠨ ᠳᠠᠷᠠᠭ᠎ᠠ ᠬᠠᠷᠴᠠᠭᠠᠢ ᠲᠠᠢ ᠪᠣᠯᠤᠯ᠎ᠠ | News.MN

ᠳᠣᠷᠣᠨᠠᠲᠤ 53 ᠵᠢᠯ ᠦᠨ ᠳᠠᠷᠠᠭ᠎ᠠ ᠬᠠᠷᠴᠠᠭᠠᠢ ᠲᠠᠢ ᠪᠣᠯᠤᠯ᠎ᠠ

ᠳᠣᠷᠣᠨᠠᠲᠤ ᠠᠶᠢᠮᠠᠭ ᠤᠨ ᠳᠠᠰᠢᠪᠠᠯᠪᠠᠷ ᠰᠤᠮᠤ ᠶᠢᠨ ᠬᠠᠷᠢᠶᠠᠲᠤ ᠳᠣᠷᠵᠢ ᠶᠢᠨ ᠠᠨᠠᠷ ᠡᠨᠡ ᠵᠢᠯ ᠦᠨ ᠤᠯᠤᠰ ᠤᠨ ᠶᠡᠬᠡ ᠪᠠᠶᠠᠷ ᠨᠠᠭᠠᠳᠤᠮ ᠢᠶᠠᠷ ᠵᠢᠷᠭᠤᠭ᠎ᠠ ᠳᠠᠪᠠᠵᠤ ᠮᠣᠩᠭᠣᠯ ᠤᠯᠤᠰ ᠤᠨ ᠬᠠᠷᠴᠠᠭᠠᠢ ᠴᠣᠯᠠᠨ ᠤ ᠪᠣᠯᠵᠣᠯ ᠬᠠᠩᠭᠠᠯ᠎ᠠ᠃ ᠲᠤᠰ ᠠᠶᠢᠮᠠᠭ ᠠᠴᠠ ᠬᠠᠮᠤᠭ ᠤᠨ ᠰᠡᠭᠦᠯ ᠳᠦ ᠪᠤᠶᠤ ᠣᠳᠣ ᠠᠴᠠ 53 ᠵᠢᠯ ᠦᠨ ᠲᠡᠷᠲᠡᠭᠡ 1966 ᠣᠨ ᠳᠤ ᠭᠤᠷᠪᠠᠨᠵᠠᠭᠠᠯ ᠰᠤᠮᠤ ᠶᠢᠨ ᠬᠠᠷᠢᠶᠠᠲᠤ ᠳᠠᠰᠢᠪᠠᠯᠵᠢᠷ ᠤᠨ ᠲᠦᠪᠰᠢᠨ ᠤᠯᠤᠰ ᠤᠨ ᠪᠠᠶᠠᠷ ᠨᠠᠭᠠᠳᠤᠮ ᠳᠤ 7 ᠳᠠᠪᠠᠨ ᠤᠯᠤᠰ ᠤᠨ ᠵᠠᠭᠠᠨ ᠪᠣᠯᠵᠤ᠂ 1968 ᠣᠨ ᠳᠤ 6 ᠳᠠᠪᠠᠵᠤ ᠥᠰᠬᠦ ᠢᠳᠡᠷ ᠴᠢᠮᠡᠭ ᠬᠦᠷᠲᠡᠵᠦ  ᠪᠠᠶᠢᠪᠠ᠃

ᠮᠥᠨ ᠲᠤᠰ ᠠᠶᠢᠮᠠᠭ ᠠᠴᠠ ᠳᠠᠭᠠᠨ ᠤ ᠤᠷᠤᠯᠳᠤᠭᠠᠨ ᠳᠤ ᠬᠠᠯᠬ᠎ᠠ ᠭᠤᠤᠯ ᠰᠤᠮᠤ ᠶᠢᠨ ᠬᠠᠷᠢᠶᠠᠲᠤ᠂ ᠠᠶᠢᠮᠠᠭ ᠤᠨ ᠮᠤᠷᠢᠨ ᠰᠫᠤᠷᠲ ᠤᠶᠠᠭᠠᠴᠢᠳ ᠤᠨ ᠬᠤᠯᠪᠤᠭᠠᠨ ᠍ ᠤ ᠲᠡᠷᠢᠭᠦᠨ ᠰᠦᠬᠡᠪᠠᠭᠠᠲᠤᠷ ᠤᠨ  ᠪᠠᠲᠤᠮᠦ᠋ᠩᠬᠡ ᠶᠢᠨ ᠬᠡᠭᠡᠷ ᠳᠠᠭ᠎ᠠ ᠠᠶᠢᠷᠠᠭ ᠤᠨ ᠭᠤᠷᠪᠠ ᠳᠤ᠂ ᠮᠣᠩᠭᠣᠯ ᠤᠯᠤᠰ ᠤᠨ ᠲᠣᠳᠣ ᠮᠠᠩᠯᠠᠢ ᠤᠶᠠᠭᠠᠴᠢ  ᠤᠨᠤᠨ ᠤ ᠪᠠᠲᠤᠪᠢᠯᠢᠭ᠌ ᠤᠨ ᠠᠵᠢᠷᠭ᠎ᠠ  ᠲᠡᠷᠢᠭᠦᠯᠡᠵᠡᠢ ᠃

ᠰᠡᠳᠬᠢᠭᠳᠡᠯ ᠦᠯᠡᠳᠡᠭᠡᠬᠦ