ᠣᠯᠠᠨ ᠤᠯᠤᠰ ᠤᠨ ᠬᠠᠷᠢᠯᠴᠠᠭ᠎ᠠ ᠳᠠᠭᠤᠤ  ᠶᠢᠨ ᠲᠡᠮᠡᠴᠡᠭᠡᠨ  ᠪᠤᠯᠪᠠ  | News.MN

ᠣᠯᠠᠨ ᠤᠯᠤᠰ ᠤᠨ ᠬᠠᠷᠢᠯᠴᠠᠭ᠎ᠠ ᠳᠠᠭᠤᠤ  ᠶᠢᠨ ᠲᠡᠮᠡᠴᠡᠭᠡᠨ  ᠪᠤᠯᠪᠠ 

ᠪᠠᠶᠠᠨ-ᠥᠯᠥᠭᠡᠢ ᠠᠶᠢᠮᠠᠭ ᠤᠨ  ︽ᠠᠶᠢᠲ᠋ᠢᠰᠺᠸᠷ︾ ᠬᠣᠯᠪᠣᠭ᠎ᠠ ᠂ ᠠᠶᠢᠮᠠᠭ ᠤᠨ ᠢᠷᠭᠡᠳ  ᠦᠨ ᠲᠥᠯᠥᠭᠡᠯᠡᠭᠴᠢᠳ ᠦᠨ ᠬᠤᠷᠠᠯ᠂  ᠵᠠᠰᠠᠭ ᠳᠠᠷᠤᠭ᠎ᠠ ᠶᠢᠨ ᠲᠠᠮᠠᠭ᠎ᠠ ᠶᠢᠨ ᠭᠠᠵᠠᠷ  ᠲᠠᠢ ᠬᠠᠮᠲᠤᠷᠠᠨ ᠦᠨᠳᠦᠰᠦᠨ ᠦ ᠶᠡᠬᠡ ᠪᠠᠶᠠᠷ ᠨᠠᠭᠠᠳᠤᠮ ᠢ ᠲᠣᠬᠢᠶᠠᠯᠳᠤᠭᠤᠯᠤᠨ ᠠᠶᠢᠲ᠋ᠢᠰᠺᠸᠷ ᠪᠤᠶᠤ ᠬᠠᠷᠢᠯᠴᠠᠭ᠎ᠠ ᠳᠠᠭᠤᠤ  ᠶᠢᠨ ᠣᠯᠠᠨ ᠤᠯᠤᠰ ᠤᠨ ᠲᠡᠮᠡᠴᠡᠭᠡᠨ ᠢ ᠡᠨᠡ ᠰᠠᠷ᠎ᠠ ᠶᠢᠨ 11 ᠍ ᠦ ᠡᠳᠦᠷ ᠥᠯᠥᠭᠡᠢ ᠬᠤᠲᠠ ᠳᠤ ᠵᠣᠬᠢᠶᠠᠨ ᠪᠠᠶᠢᠭᠤᠯᠤᠯ᠎ᠠ᠃
ᠲᠡᠮᠡᠴᠡᠭᠡᠨ ᠳᠦ ᠪᠦᠭᠦᠳᠡ ᠨᠠᠶᠢᠷᠠᠮᠳᠠᠬᠤ ᠬᠠᠰᠠᠭᠰᠲ᠋ᠠᠨ ᠤᠯᠤᠰ᠂ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠪᠣᠯᠤᠨ ᠮᠣᠩᠭᠣᠯ ᠤᠯᠤᠰ ᠤᠨ ᠪᠠᠶᠠᠨ-ᠥᠯᠥᠭᠡᠢ᠂ ᠬᠣᠪᠳᠣ ᠠᠶᠢᠮᠠᠭ ᠠᠴᠠ 17 ᠨᠠᠶᠢᠷᠠᠭᠴᠢ ᠤᠷᠤᠯᠴᠠᠪᠠ᠃ ᠨᠠᠶᠢᠷᠠᠭᠴᠢᠳ ︵ᠠᠺᠢᠨ︶ ᠤᠷᠢᠳᠴᠢᠯᠠᠨ ᠶᠠᠮᠠᠷ ᠨᠢᠭᠡᠨ ᠪᠡᠯᠡᠳᠬᠡᠯ ᠬᠢᠬᠦ ᠦᠭᠡᠢ ᠪᠡᠷ ᠰᠠᠨᠠᠭᠠᠨ ᠠᠴᠠ ᠪᠠᠨ ᠵᠣᠬᠢᠶᠠᠨ ᠳᠣᠮᠪᠣᠷᠳᠠᠵᠤ ᠳᠠᠭᠤᠯᠠᠨ ᠥᠷᠢᠰᠦᠯᠳᠦᠭᠰᠡᠨ ᠡᠴᠡ ᠬᠠᠰᠠᠭᠰᠲ᠋ᠠᠨ ᠤᠯᠤᠰ ᠤᠨ ᠨᠠᠶᠢᠷᠠᠭᠴᠢ ᠠ᠊ ∙ᠬᠠᠯᠢᠶ᠋ᠸᠪ ᠲᠡᠷᠢᠭᠦᠨ ᠪᠠᠶᠢᠷᠢ ᠶᠢᠨ ᠱᠠᠩᠨᠠᠯ ᠬᠦᠷᠲᠡᠯ᠎ᠡ᠃ ᠮᠣᠩᠭᠣᠯ ᠤᠯᠤᠰ ᠤᠨ ᠨᠠᠶᠢᠷᠠᠭᠴᠢ ᠮ∙ᠵᠤᠶᠠ ᠂ ᠳ∙ᠶᠸᠷᠯᠠᠨ ᠂ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠤᠨ ᠨᠠᠶᠢᠷᠠᠭᠴᠢ ᠪ ∙ᠶᠸᠷᠵᠠᠨᠠᠲ ᠨᠠᠷ ᠤᠳᠠᠭᠠᠬᠢ ᠪᠠᠶᠢᠷᠢ ᠨᠤᠭᠤᠳ ᠢ ᠲᠤᠰ ᠲᠤᠰ ᠡᠵᠡᠯᠡᠯ᠎ᠡ᠃

ᠰᠡᠳᠬᠢᠭᠳᠡᠯ ᠦᠯᠡᠳᠡᠭᠡᠬᠦ