︽ᠠᠰᠢᠶᠠᠨᠠ ᠡᠶᠢᠷᠯᠠᠨᠰ︾ ᠠᠩᠬᠠᠨ ᠤ ᠨᠢᠰᠦᠯᠭᠡ ᠪᠡᠨ ᠦᠢᠯᠡᠳᠦᠯ᠎ᠡ | News.MN

 ︽ᠠᠰᠢᠶᠠᠨᠠ ᠡᠶᠢᠷᠯᠠᠨᠰ︾ ᠠᠩᠬᠠᠨ ᠤ ᠨᠢᠰᠦᠯᠭᠡ ᠪᠡᠨ ᠦᠢᠯᠡᠳᠦᠯ᠎ᠡ

ᠪᠦᠭᠦᠳᠡ ᠨᠠᠶᠢᠷᠠᠮᠳᠠᠬᠤ ᠰᠤᠯᠤᠩᠭᠤᠰ ᠤᠯᠤᠰ ᠤᠨ᠍  ᠢᠷᠭᠡᠨ ᠦ ᠠᠭᠠᠷ ᠤᠨ ᠲᠡᠭᠡᠭᠡᠪᠦᠷᠢ ᠶᠢᠨ ︽ᠠᠰᠢᠶᠠᠨᠠ ᠡᠶᠢᠷᠯᠠᠨᠰ︾  ᠺᠣᠮᠫᠠᠨᠢ ᠶᠢᠨ ᠣᠩᠭᠣᠴᠠ ᠮᠠᠨ ᠤ ᠤᠯᠤᠰ ᠤᠷᠤᠭᠤ ᠠᠩᠬᠠᠨ ᠤ ᠨᠢᠰᠦᠯᠭᠡ ᠪᠡᠨ ᠦᠢᠯᠡᠳᠴᠦ᠂ ᠡᠨᠡ ᠰᠠᠷ᠎ᠠ ᠶᠢᠨ 09 ᠍ ᠦ 23.50 ᠴᠠᠭ ᠲᠤ ︽ᠴᠢᠩᠭᠢᠰ ᠬᠠᠭᠠᠨ︾ ᠣᠯᠠᠨ ᠤᠯᠤᠰ ᠤᠨ ᠨᠢᠰᠬᠦ ᠪᠠᠭᠤᠳᠠᠯ ᠳᠤ ᠭᠠᠵᠠᠷᠳᠠᠯ᠎ᠠ᠃ ︽ᠠᠰᠢᠶᠠᠨᠠ ᠡᠶᠢᠷᠯᠠᠨᠰ︾ ᠨᠢ A330-300 ᠮᠠᠶ᠋ᠢᠭ ᠤᠨ 290 ᠬᠦᠮᠦᠨ ᠦ ᠰᠠᠭᠤᠳᠠᠯ ᠲᠠᠢ ᠠᠭᠠᠷ ᠤᠨ ᠬᠦᠯᠭᠡ ᠪᠡᠷ 7 ᠬᠣᠨᠣᠭ ᠤᠨ ᠮᠢᠭᠮᠠᠷ᠂ ᠫᠦᠷᠪᠦ᠂ ᠪᠢᠮᠪᠠ ᠭᠠᠷᠠᠭ ᠲᠤ ᠲᠣᠭᠲᠠᠮᠠᠯ ᠨᠢᠰᠦᠯᠭᠡ ᠦᠢᠯᠡᠳᠬᠦ ᠶᠤᠮ᠃ ᠡᠶᠢᠨ ᠬᠦ ᠵᠣᠷᠴᠢᠭᠴᠢ ᠤᠷᠤᠰᠬᠠᠯ ᠶᠡᠬᠡ ᠲᠡᠢ ᠪᠦᠭᠦᠳᠡ ᠨᠠᠶᠢᠷᠠᠮᠳᠠᠬᠤ ᠰᠤᠯᠤᠩᠭᠤᠰ ᠤᠯᠤᠰ ᠍ ᠤᠨ ᠴᠢᠭᠯᠡᠯ ᠳᠦ ᠠᠭᠠᠷ ᠤᠨ ᠲᠡᠭᠡᠭᠡᠪᠦᠷᠢᠯᠡᠭᠴᠢ ᠨᠡᠮᠡᠭᠳᠡᠭᠰᠡᠨ ᠢᠶᠡᠷ ᠮᠣᠩᠭᠣᠯ ᠤᠯᠤᠰ ᠢ ᠵᠣᠷᠢᠨ ᠢᠷᠡᠬᠦ ᠰᠤᠯᠤᠩᠭᠤᠰ ᠵᠢᠭᠤᠯᠴᠢᠨ ᠲᠡᠳᠦᠢ ᠦᠭᠡᠢ᠂ ᠳᠠᠮᠵᠢᠨ ᠢᠷᠡᠬᠦ ᠭᠠᠳᠠᠭᠠᠳᠤ ᠶᠢᠨ ᠢᠷᠭᠡᠳ᠂ ᠭᠠᠳᠠᠭᠠᠳᠤ ᠣᠷᠣᠨ ᠢ ᠵᠣᠷᠢᠬᠤ ᠮᠣᠩᠭᠣᠯ ᠢᠷᠭᠡᠳ ᠲᠦ ᠦᠵᠡᠭᠦᠯᠬᠦ ᠨᠢᠰᠦᠯᠭᠡ ᠶᠢᠨ ᠦᠢᠯᠡᠴᠢᠯᠡᠭᠡᠨ ᠦ ᠴᠢᠨᠠᠷ ᠰᠠᠶᠢᠵᠢᠷᠠᠬᠤ᠂ ᠨᠢᠰᠦᠯᠭᠡ ᠶᠢᠨ ᠺᠣᠮᠫᠠᠨᠢ ᠨᠤᠭᠤᠳ ᠤᠨ ᠳᠤᠮᠳᠠ ᠥᠷᠢᠰᠦᠯᠳᠦᠭᠡᠨ ᠪᠤᠢ ᠪᠣᠯᠵᠤ ᠲᠠᠰᠤᠯᠪᠤᠷᠢ ᠶᠢᠨ ᠦᠨ᠎ᠡ ᠬᠢᠮᠳᠠᠷᠠᠬᠤ ᠵᠡᠷᠭᠡ ᠠᠴᠢ ᠬᠣᠯᠪᠣᠭᠳᠠᠯ ᠲᠠᠢ ᠶᠢ ᠠᠯᠪᠠᠨ ᠤ ᠬᠦᠮᠦᠰ ᠬᠡᠯᠡᠵᠦ ᠪᠠᠶᠢᠨ᠎ᠠ᠃ ᠲᠡᠭᠦᠨᠴᠢᠯᠡᠨ ᠮᠣᠩᠭᠣᠯ ᠤᠯᠤᠰ ᠪᠣᠯᠤᠨ ᠪᠦᠭᠦᠳᠡ ᠨᠠᠶᠢᠷᠠᠮᠳᠠᠬᠤ ᠰᠤᠯᠤᠩᠭᠤᠰ ᠤᠯᠤᠰ  ᠤᠨ ᠬᠠᠷᠢᠯᠴᠠᠭ᠎ᠠ ᠡᠷᠴᠢᠮᠲᠡᠢ ᠬᠥᠭᠵᠢᠵᠦ ᠪᠤᠢ ᠥᠨᠥ ᠦᠶ᠎ᠡ ᠳᠦ ᠬᠣᠶᠠᠷ ᠤᠯᠤᠰ ᠤᠨ ᠬᠣᠭᠣᠷᠣᠨᠳᠣ ᠦᠢᠯᠡᠳᠳᠡᠭ ᠨᠢᠰᠦᠯᠭᠡ ᠶᠢᠨ ᠲᠣᠭ᠎ᠠ᠂ ᠳᠠᠪᠲᠠᠮᠵᠢ ᠨᠡᠮᠡᠭᠳᠡᠵᠦ ᠪᠠᠶᠢᠭ᠎ᠠ ᠳᠠᠪᠠᠭᠤ ᠲᠠᠯ᠎ᠠ ᠲᠠᠢ᠃
︽ᠠᠰᠢᠶᠠᠨᠠ ᠡᠶᠢᠷᠯᠠᠨᠰ︾ ᠨᠢ 1988 ᠣᠨ ᠳᠤ ᠪᠠᠶᠢᠭᠤᠯᠤᠭᠳᠠᠭᠰᠠᠨ᠂ ᠳᠡᠯᠡᠬᠡᠢ ᠶᠢᠨ ᠰᠢᠯᠢᠳᠡᠭ ᠺᠣᠮᠫᠠᠨᠢ ᠨᠤᠭᠤᠳ ᠤᠨ ᠨᠢᠭᠡ ᠶᠤᠮ ᠃ ᠤᠯᠠᠭᠠᠨᠪᠠᠭᠠᠲᠤᠷ ᠴᠢᠭᠯᠡᠯ ᠦᠨ ᠨᠢᠰᠦᠯᠭᠡ ᠪᠡᠷ ᠢᠶᠡᠨ ᠳᠠᠮᠵᠢᠭᠤᠯᠤᠨ ᠮᠠᠨ ᠤ ᠤᠯᠤᠰ ᠤᠨ ᠬᠠᠤᠯᠢ ᠲᠣᠭᠲᠠᠭᠠᠮᠵᠢ ᠳᠤ ᠨᠡᠶᠢᠴᠡᠭᠰᠡᠨ ᠦᠢᠯᠡ ᠠᠵᠢᠯᠯᠠᠭ᠎ᠠ ᠶᠠᠪᠤᠭᠤᠯᠵᠤ᠂ ᠰᠢᠳᠤᠷᠭᠤ ᠥᠷᠢᠰᠦᠯᠳᠦᠭᠡᠨ ᠳᠦ ᠮᠠᠩᠯᠠᠶᠢᠯᠠᠵᠤ᠂ ᠦᠢᠯᠡᠴᠢᠯᠡᠭᠡᠨ ᠦ ᠥᠨᠳᠥᠷ ᠰᠲ᠋ᠠᠨᠳᠠᠷᠲ ᠢ ᠠᠭᠠᠷ ᠤᠨ ᠲᠡᠭᠡᠭᠡᠪᠦᠷᠢ ᠶᠢᠨ ᠰᠠᠯᠪᠤᠷᠢ ᠳᠤ ᠨᠡᠪᠲᠡᠷᠡᠭᠦᠯᠦᠨ᠂ ᠠᠶᠤᠯᠭᠦᠢ ᠠᠵᠢᠯᠯᠠᠭ᠎ᠠ ᠶᠢ ᠡᠷᠬᠢᠮᠯᠡᠨ ᠠᠵᠢᠯᠯᠠᠨ᠎ᠠ ᠭᠡᠳᠡᠭ ᠢᠶᠡᠨ ᠲᠤᠰ ᠺᠣᠮᠫᠠᠨᠢ ᠶᠢᠨ ᠲᠥᠯᠥᠭᠡᠯᠡᠯ ᠣᠨᠴᠠᠯᠠᠨ ᠮᠡᠳᠡᠭᠳᠡᠵᠦ ᠪᠠᠶᠢᠨ᠎ᠠ᠃

ᠰᠡᠳᠬᠢᠭᠳᠡᠯ ᠦᠯᠡᠳᠡᠭᠡᠬᠦ