ᠶᠡᠷᠦᠩᠬᠡᠢ ᠰᠠᠶᠢᠳ ᠮᠡᠨᠳᠦᠴᠢᠯᠡᠭᠡ ᠳᠡᠪᠰᠢᠭᠦᠯᠪᠡ | News.MN

ᠶᠡᠷᠦᠩᠬᠡᠢ ᠰᠠᠶᠢᠳ ᠮᠡᠨᠳᠦᠴᠢᠯᠡᠭᠡ ᠳᠡᠪᠰᠢᠭᠦᠯᠪᠡ

ᠮᠣᠩᠭᠣᠯ ᠤᠯᠤᠰ ᠤᠨ ᠶᠡᠷᠦᠩᠬᠡᠢ ᠰᠠᠶᠢᠳ ᠤ᠊∙ ᠬᠦᠷᠡᠯᠰᠦ᠋ᠬᠡ ᠦᠨᠳᠦᠰᠦᠨ ᠦ ᠶᠡᠬᠡ ᠪᠠᠶᠠᠷ ᠨᠠᠭᠠᠳᠤᠮ ᠢ ᠲᠣᠬᠢᠶᠠᠯᠳᠤᠭᠤᠯᠤᠨ ᠮᠡᠨᠳᠦᠴᠢᠯᠡᠭᠡ ᠳᠡᠪᠰᠢᠭᠦᠯᠪᠡ᠃ ᠮᠡᠨᠳᠦᠴᠢᠯᠡᠭᠡ ᠶᠢ ᠪᠦᠷᠢᠨ ᠡᠬᠡ ᠪᠡᠷ ᠨᠢ ᠲᠣᠯᠢᠯᠠᠭᠤᠯᠵᠤ ᠪᠠᠶᠢᠨ᠎ᠠ᠄
ᠡᠯᠢᠭᠡ ᠵᠢᠷᠦᠬᠡᠨ ᠦ ᠬᠣᠶᠢᠮᠣᠷ ᠲᠤ ᠤᠷᠤᠰᠢᠬᠤ ᠡᠬᠡ ᠰᠠᠶᠢᠬᠠᠨ ᠨᠤᠲᠤᠭ ᠲᠤ ᠪᠠᠨ ᠠᠵᠤ ᠲᠥᠷᠥᠨ ᠪᠤᠢ ᠮᠣᠩᠭᠣᠯᠴᠤᠳ ᠡ ᠂ ᠡᠬᠡ ᠳᠡᠯᠡᠬᠡᠢ ᠶᠢᠨ ᠬᠠᠶᠠᠭ᠎ᠠ ᠬᠢᠵᠠᠭᠠᠷ ᠲᠤ ᠲᠠᠷᠬᠠᠨ ᠰᠠᠭᠤᠭ᠎ᠠ ᠡᠯᠢᠭᠡ ᠨᠢᠭᠡᠲᠦ ᠠᠬᠠᠨ  ᠳᠠᠭᠦᠦᠰ ᠡ ᠂ ᠲᠠ ᠪᠦᠬᠦᠨ ᠳᠦ ᠪᠡᠨ ᠲᠤᠯᠭᠤᠷ ᠲᠥᠷᠥ ᠶᠢᠨ 2228 ᠵᠢᠯ᠂ ᠶᠡᠬᠡ ᠮᠣᠩᠭᠣᠯ ᠤᠯᠤᠰ  ᠪᠠᠶᠢᠭᠤᠯᠤᠭᠳᠠᠭᠰᠠᠨ ᠤ 813 ᠵᠢᠯ᠂ ᠠᠷᠠᠳ ᠤᠨ ᠬᠤᠪᠢᠰᠬᠠᠯ ᠤᠨ ᠲᠡᠦᠬᠡᠲᠦ 98 ᠵᠢᠯ ᠦᠨ ᠣᠢ᠂ ᠦᠨᠳᠦᠰᠦᠨ ᠦ ᠶᠡᠬᠡ ᠪᠠᠶᠠᠷ ᠨᠠᠭᠠᠳᠤᠮ ᠤᠨ ᠮᠡᠨᠳᠦ ᠶᠢ ᠡᠷᠭᠦᠨ ᠳᠡᠪᠰᠢᠭᠦᠯᠦᠶ᠎ᠡ᠃
ᠨᠠᠷᠠ ᠬᠤᠷ᠎ᠠ ᠲᠡᠭᠰᠢᠷᠡᠭᠰᠡᠨ ᠳᠡᠯᠭᠡᠷ ᠰᠠᠶᠢᠬᠠᠨ ᠡᠬᠡ ᠣᠷᠣᠨ ᠳᠤ ᠮᠢᠨᠢ ᠪᠠᠶᠠᠷ ᠨᠠᠭᠠᠳᠤᠮ ᠤᠨ ᠤᠤᠬᠠᠢ ᠰᠡᠳᠬᠢᠯ ᠣᠭᠰᠢᠶᠠᠨ ᠴᠠᠩᠭᠢᠨᠠᠵᠤ᠂ ᠰᠢᠨᠳᠠᠰᠤᠲᠤ ᠬᠤᠷᠳᠤᠨ ᠬᠦᠯᠦᠭ ᠦᠳ ᠦᠨ ᠤᠶᠠᠭ᠎ᠠ ᠰᠣᠶᠢᠯᠭ᠎ᠠ ᠲᠠᠭᠠᠷᠠᠵᠤ ᠂ ᠡᠷᠡᠮᠡᠭᠡᠢ ᠬᠦᠴᠦᠲᠦ ᠪᠥᠬᠡᠴᠦᠳ ᠦᠨ ᠡᠷ᠎ᠡ ᠪᠢᠷ᠎ᠠ ᠲᠡᠭᠰᠢᠷᠡᠵᠦ᠂ ᠡᠷᠡᠬᠡᠢ ᠮᠡᠷᠭᠡᠨ ᠬᠠᠷᠪᠤᠭᠠᠴᠢᠳ ᠤᠨ ᠴᠡᠴᠡ ᠬᠠᠷ᠎ᠠ  ᠵᠢᠭᠳᠡᠷᠡᠵᠦ᠂ ᠮᠣᠩᠭᠣᠯ ᠣᠯᠠᠨ ᠲᠦᠮᠡᠨ ᠦ ᠮᠢᠨᠢ ᠮᠡᠯᠮᠡᠢ ᠶᠢ ᠪᠠᠶᠠᠰᠬᠠᠵᠤ᠂ ᠰᠡᠳᠬᠢᠯ ᠢ ᠬᠥᠭᠯᠡᠭᠰᠡᠨ ᠦᠨᠳᠦᠰᠦᠨ ᠦ ᠶᠡᠬᠡ ᠪᠠᠶᠠᠷ ᠨᠠᠭᠠᠳᠤᠮ ᠶᠣᠰᠣᠯᠠᠯ ᠲᠡᠭᠦᠯᠳᠡᠷ ᠪᠣᠯᠵᠤ ᠪᠠᠶᠢᠨ᠎ᠠ᠃ ᠵᠠᠭᠤᠨ ᠵᠠᠭᠤᠨ ᠤ ᠲᠡᠦᠬᠡ ᠶᠢ ᠬᠤᠷᠢᠶᠠᠭᠰᠠᠨ ᠳᠣᠮᠣᠭ ᠤᠨ ᠬᠦᠴᠦᠲᠡᠢ᠂ ᠵᠣᠨ ᠣᠯᠠᠨ ᠤ ᠡᠪ ᠨᠢᠭᠡᠳᠦᠯ᠂ ᠡᠷᠬᠡ ᠴᠢᠯᠦᠭᠡ ᠲᠤᠰᠠᠭᠠᠷ ᠲᠣᠭᠲᠠᠨᠢᠯ ᠤᠨ ᠪᠡᠯᠭᠡᠳᠡᠯ ᠪᠣᠯᠤᠭᠰᠠᠨ᠂ ᠮᠣᠩᠭᠣᠯ ᠢ ᠮᠣᠩᠭᠣᠯ ᠢᠶᠠᠷ ᠨᠢ ᠥᠪᠯᠡᠭᠦᠯᠬᠦ ᠨᠢᠭᠡᠨ ᠲᠣᠳᠣ ᠲᠠᠮᠠᠭ᠎ᠠ ᠨᠢ ᠦᠨᠳᠦᠰᠦᠨ ᠦ ᠶᠡᠬᠡ ᠪᠠᠶᠠᠷ ᠨᠠᠭᠠᠳᠤᠮ ᠪᠢᠯᠡ᠃
ᠠᠯᠳᠠᠷ ᠰᠤᠤ ᠪᠠᠷ ᠢᠶᠠᠨ ᠶᠢᠷᠲᠢᠨᠴᠦ ᠶᠢ ᠲᠠᠮᠠᠭᠠᠯᠠᠭᠰᠠᠨ ᠠᠤᠭ᠎ᠠ ᠶᠡᠬᠡ ᠡᠪᠦᠭᠡ ᠳᠡᠭᠡᠳᠦᠰ ᠦᠨ ᠮᠢᠨᠢ ᠬᠠᠷᠪᠤᠭᠰᠠᠨ ᠰᠤᠮᠤᠨ ᠤ ᠬᠢᠨᠢ ᠡᠷᠴᠢ ᠬᠠᠷᠢᠭ᠎ᠠ ᠦᠭᠡᠢ᠂ ᠬᠤᠷᠳᠤᠨ ᠬᠦᠯᠦᠭ ᠦᠨ ᠬᠢᠨᠢ ᠰᠢᠨᠳᠠᠰᠤ  ᠴᠤᠴᠠᠭ᠎ᠠ ᠦᠭᠡᠢ᠂ ᠡᠷᠡᠮᠡᠭᠡᠢ ᠳᠠᠶᠢᠴᠢᠳ ᠤᠨ ᠬᠢᠨᠢ ᠭᠠᠯ ᠴᠣᠭ ᠪᠥᠬᠥᠭᠡ ᠦᠭᠡᠢ ᠶᠢᠨ ᠭᠡᠷᠡᠴᠢ ᠨᠢ ᠭᠠᠶᠢᠬᠠᠮᠰᠢᠭᠲᠤ ᠮᠣᠩᠭᠣᠯ ᠨᠠᠭᠠᠳᠤᠮ ᠶᠤᠮ᠃ ᠳᠡᠯᠡᠬᠡᠢ ᠳ᠋ᠠᠬᠢᠨ ᠳᠤ ᠨᠡᠷ᠎ᠡ ᠠᠯᠳᠠᠷ ᠢᠶᠠᠨ ᠳᠠᠭᠤᠷᠢᠰᠬᠠᠭᠰᠠᠨ ᠬᠦᠴᠦᠷᠬᠡᠭ  ᠲᠦᠷᠦᠲᠦ ᠤᠯᠤᠰ ᠢ ᠪᠠᠶᠢᠭᠤᠯᠵᠤ᠂ ᠬᠠᠤᠯᠢ ᠴᠠᠭᠠᠵᠠ ᠶᠢ ᠴᠢᠩᠳᠠᠯᠠᠨ ᠲᠣᠭᠲᠠᠭᠠᠵᠤ᠂ ᠪᠢᠴᠢᠭ ᠰᠤᠶᠤᠯ ᠢᠶᠠᠨ ᠲᠦᠭᠡᠭᠡᠨ ᠳᠡᠯᠭᠡᠷᠡᠭᠦᠯᠵᠦ᠂ ᠲᠤᠰᠠᠭᠠᠷ ᠲᠣᠭᠲᠠᠨᠢᠯ ᠢᠶᠠᠨ ᠠᠮᠢ ᠪᠠᠷ ᠢᠶᠠᠨ ᠮᠥᠩᠬᠡᠯᠡᠭᠰᠡᠨ ᠡᠪᠦᠭᠡ ᠳᠡᠭᠡᠳᠦᠰ ᠦᠨ ᠢᠶᠡᠨ ᠰᠤᠤ ᠭᠠᠪᠢᠶ᠎ᠠ᠂ ᠲᠡᠦᠬᠡ ᠴᠠᠳᠢᠭ ᠤᠨ ᠲᠤᠬᠠᠢ ᠡᠨᠡᠬᠦ ᠪᠠᠶᠠᠷ ᠤᠨ ᠡᠳᠦᠷ ᠪᠠᠬᠠᠷᠬᠠᠨ ᠲᠡᠮᠳᠡᠭᠡᠯᠡᠬᠦ ᠳᠦ ᠲᠠᠭᠠᠲᠠᠢ ᠪᠠᠶᠢᠨ᠎ᠠ᠃ ᠪᠠᠭᠤᠷᠢ ᠪᠠᠨ ᠰᠡᠯᠭᠦᠭᠰᠡᠨ ᠴᠤ ᠪᠤᠴᠠᠭᠠᠳ ᠢᠷᠡᠬᠦ ᠤᠬᠠᠭᠠᠨ ᠲᠠᠢ᠂ ᠪᠤᠭᠤᠷᠤᠯ ᠡᠪᠦᠭᠡᠳ ᠦᠨ ᠰᠤᠷᠭᠠᠯ ᠨᠢ  ᠦᠯᠡᠳᠡᠬᠦ ᠰᠢᠵᠢᠮ ᠲᠡᠢ᠂ ᠪᠣᠰᠤᠭ᠎ᠠ ᠬᠡᠶᠢᠮᠣᠷᠢ ᠨᠢ ᠲᠩᠷᠢ ᠶᠢᠨ ᠵᠠᠷᠯᠢᠭ ᠲᠠᠢ ᠮᠣᠩᠭᠣᠯ ᠲᠦᠮᠡᠨ ᠦ ᠮᠢᠨᠢ ᠪᠤᠶᠠᠨ ᠵᠠᠶᠠᠭ᠎ᠠ ᠮᠦᠩᠬᠡᠳᠡ ᠪᠠᠳᠮᠠᠯᠠᠨ ᠠᠰᠠᠬᠤ ᠪᠣᠯᠲᠤᠭᠠᠢ᠃ ᠠᠶᠢᠯ ᠡᠷᠦᠬᠡ ᠪᠦᠷᠢ ᠶᠢᠨ ᠬᠣᠶᠢᠮᠣᠷ ᠲᠤ ᠠᠵᠠ ᠵᠢᠷᠭᠠᠯ ᠴᠠᠯᠭᠢᠵᠤ᠂ ᠲᠡᠦᠬᠡᠲᠦ ᠶᠡᠬᠡ ᠤᠯᠤᠰ ᠤᠨ ᠢᠶᠠᠨ ᠬᠡᠶᠢᠮᠣᠷᠢ ᠵᠢᠪᠬᠤᠭ᠎ᠠ ᠶᠢ ᠪᠠᠳᠠᠷᠠᠭᠠᠨ᠂ ᠲᠥᠷᠥ ᠶᠢᠨ ᠰᠦᠯᠳᠡ ᠪᠡᠨ ᠴᠡᠩᠭᠡᠭᠦᠯᠦᠨ ᠲᠦᠮᠡᠨ ᠣᠯᠠᠨ ᠢᠶᠠᠷ ᠢᠶᠠᠨ ᠰᠡᠳᠬᠢᠯ ᠲᠡᠨᠢᠭᠦᠨ ᠰᠠᠶᠢᠬᠠᠨ ᠨᠠᠭᠠᠳᠤᠭᠠᠷᠠᠢ ᠃

ᠰᠡᠳᠬᠢᠭᠳᠡᠯ ᠦᠯᠡᠳᠡᠭᠡᠬᠦ