ᠰᠢᠨ᠎ᠡ ᠴᠣᠯᠠᠲᠠᠨ ᠨᠠᠷ ᠲᠤ ᠴᠣᠯᠠ᠂ ᠲᠡᠮᠳᠡᠭ ᠭᠠᠷᠳᠠᠭᠤᠯᠪᠠ | News.MN

ᠰᠢᠨ᠎ᠡ ᠴᠣᠯᠠᠲᠠᠨ ᠨᠠᠷ ᠲᠤ ᠴᠣᠯᠠ᠂ ᠲᠡᠮᠳᠡᠭ ᠭᠠᠷᠳᠠᠭᠤᠯᠪᠠ

ᠮᠣᠩᠭᠣᠯ ᠤᠯᠤᠰ ᠤᠨ ᠶᠡᠷᠦᠩᠬᠡᠶᠢᠯᠡᠭᠴᠢ ᠬ∙ᠪᠠᠲᠤᠲᠤᠯᠭ᠎ᠠ ᠵᠠᠷᠯᠢᠭ ᠪᠠᠭᠤᠯᠭᠠᠵᠤ᠂ ᠦᠨᠳᠦᠰᠦᠨ ᠦ ᠶᠡᠬᠡ ᠪᠠᠶᠠᠷ ᠨᠠᠭᠠᠳᠤᠮ ᠤᠨ ᠬᠦᠴᠦᠲᠦ ᠪᠥᠬᠡ ᠶᠢᠨ ᠪᠠᠷᠢᠯᠳᠤᠭᠠᠨ ᠳᠤ ᠲᠠᠪᠤ ᠳᠠᠪᠠᠵᠤ ᠂ ᠮᠣᠩᠭᠣᠯ ᠤᠯᠤᠰ ᠤᠨ ᠨᠠᠴᠢᠨ ᠴᠣᠯᠠᠨ ᠤ ᠪᠣᠯᠵᠣᠯ᠂ ᠵᠢᠷᠭᠤᠭ᠎ᠠ ᠳᠠᠪᠠᠵᠤ ᠬᠠᠷᠴᠠᠭᠠᠢ ᠴᠣᠯᠠᠨ ᠤ ᠪᠣᠯᠵᠣᠯ ᠬᠠᠩᠭᠠᠭᠰᠠᠨ ᠪᠥᠬᠡᠴᠦᠳ ᠲᠦ ᠴᠣᠯᠠ᠂ ᠲᠡᠮᠳᠡᠭ ᠢ ᠨᠢ ᠭᠠᠷᠳᠠᠭᠤᠯᠤᠯ᠎ᠠ᠃  ᠶᠡᠷᠦᠩᠬᠡᠶᠢᠯᠡᠭᠴᠢ ᠶᠢᠨ ᠵᠠᠷᠯᠢᠭ ᠢ ᠮᠣᠩᠭᠣᠯ ᠤᠯᠤᠰ ᠤᠨ ᠶᠡᠷᠦᠩᠬᠡᠶᠢᠯᠡᠭᠴᠢ ᠶᠢᠨ ᠲᠠᠮᠠᠭ᠎ᠠ ᠶᠢᠨ ᠭᠠᠵᠠᠷ ᠤᠨ ᠳᠠᠷᠤᠭ᠎ᠠ ᠽ∙ᠡᠩᠬᠡᠪᠣᠯᠤᠳ ᠤᠩᠰᠢᠵᠤ ᠰᠤᠨᠤᠷᠳᠠᠭᠤᠯᠤᠭᠰᠠᠨ ᠪᠠᠶᠢᠨ᠎ᠠ᠃

ᠨᠠᠴᠢᠨ ᠴᠣᠯᠠ ᠬᠦᠷᠲᠡᠭᠰᠡᠨ ᠪᠥᠬᠡᠴᠦᠳ᠄
1.ᠥᠪᠦᠷᠬᠠᠩᠭᠠᠢ ᠠᠶᠢᠮᠠᠭ ᠤᠨ ᠵᠡᠭᠦᠨᠪᠠᠶᠠᠨ-ᠤᠯᠠᠭᠠᠨ ᠰᠤᠮᠤ ᠶᠢᠨ ᠬᠠᠷᠢᠶᠠᠲᠤ᠂ ᠠᠶᠢᠮᠠᠭ ᠤᠨ ᠠᠷᠰᠯᠠᠨ ᠳ ∙ᠼᠡᠳᠡᠩᠰᠤᠳᠨᠠᠮ ︔ 2. ᠰᠡᠯᠡᠩᠭᠡ ᠠᠶᠢᠮᠠᠭ ᠤᠨ ᠴᠠᠭᠠᠨᠨᠠᠭᠤᠷ ᠰᠤᠮᠤ ᠶᠢᠨ ᠬᠠᠷᠢᠶᠠᠲᠤ᠂ ᠠᠶᠢᠮᠠᠭ ᠤᠨ ᠠᠷᠰᠯᠠᠨ ᠪ∙ᠣᠷᠬᠣᠨᠪᠠᠶᠠᠷ ︔ 3. ᠰᠡᠯᠡᠩᠭᠡ ᠠᠶᠢᠮᠠᠭ ᠤᠨ ᠮᠠᠨᠳᠤᠯ ᠰᠤᠮᠤ ᠶᠢᠨ ᠬᠠᠷᠢᠶᠠᠲᠤ᠂ ᠠᠶᠢᠮᠠᠭ ᠤᠨ ᠠᠷᠰᠯᠠᠨ ᠪ∙ᠪᠠᠶᠠᠷᠪᠠᠭᠠᠲᠤᠷ ︔ 4. ᠤᠪᠰᠤ ᠠᠶᠢᠮᠠᠭ ᠤᠨ ᠲᠡᠰ ᠰᠤᠮᠤ ᠶᠢᠨ ᠬᠠᠷᠢᠶᠠᠲᠤ᠂ ᠠᠶᠢᠮᠠᠭ ᠤᠨ ᠠᠷᠰᠯᠠᠨ ᠵ ∙ ᠨᠢᠮ᠎ᠠ-ᠡᠷᠳᠡᠨᠢ ︔ 5. ᠬᠥᠪᠰᠥᠭᠥᠯ ᠠᠶᠢᠮᠠᠭ ᠤᠨ ᠭᠠᠯᠲᠤ ᠰᠤᠮᠤ ᠶᠢᠨ ᠤᠤᠭᠠᠯ ᠂ ᠠᠶᠢᠮᠠᠭ ᠤᠨ ᠠᠷᠰᠯᠠᠨ ᠠ᠊ ∙  ᠳᠠᠸᠠᠨᠢᠮ᠎ᠠ ᠃

ᠳᠣᠷᠣᠨᠠᠲᠤ ᠠᠶᠢᠮᠠᠭ ᠤᠨ ᠳᠠᠰᠢᠪᠠᠯᠪᠠᠷ ᠰᠤᠮᠤ ᠶᠢᠨ ᠬᠠᠷᠢᠶᠠᠲᠤ᠂ ᠤᠯᠤᠰ ᠤᠨ ᠨᠠᠴᠢᠨ ᠳ∙ᠠᠨᠠᠷ ᠮᠣᠩᠭᠣᠯ ᠤᠯᠤᠰ ᠤᠨ ᠬᠠᠷᠴᠠᠭᠠᠢ ᠴᠣᠯᠠ ᠬᠦᠷᠲᠡᠭᠰᠡᠨ ᠶᠤᠮ᠃ ᠲᠡᠷᠡ ᠪᠡᠷ 2016 ᠣᠨ ᠳᠤ ᠠᠶᠢᠮᠠᠭ ᠤᠨ ᠬᠤᠷᠴᠠ ᠠᠷᠰᠯᠠᠨ ᠴᠣᠯᠠ ᠲᠠᠢ ᠪᠠᠶᠢᠭᠰᠠᠨ ᠱ∙ᠮᠥᠩᠭᠥᠨᠪᠠᠭᠠᠲᠤᠷ ︵ᠤᠯᠤᠰ ᠤᠨ ᠬᠠᠷᠴᠠᠭᠠᠢ︶ ᠢ ᠳᠠᠪᠠᠵᠤ᠂ ᠤᠯᠤᠰ ᠤᠨ ᠨᠠᠴᠢᠨ ᠴᠣᠯᠠ ᠬᠦᠷᠲᠡᠨ ᠂ ᠬᠠᠷᠴᠠᠭᠠᠢ ᠴᠣᠯᠠᠨ ᠤ ᠲᠥᠯᠥᠭᠡ ᠠᠶᠢᠮᠠᠭ ᠤᠨ ᠠᠷᠰᠯᠠᠨ ᠪ∙ᠪᠠᠲᠤ-ᠥᠯᠵᠡᠢ  ︵ᠤᠯᠤᠰ ᠤᠨ  ᠬᠠᠷᠴᠠᠭᠠᠢ︶  ᠳᠦ ᠡᠪᠦᠳᠦᠭ ᠰᠢᠷᠤᠶᠢᠳᠠᠭᠰᠠᠨ ᠪᠢᠯᠡ᠃ ᠬᠠᠷᠢᠨ ᠡᠨᠡ ᠨᠠᠭᠠᠳᠤᠮ ᠳᠤ ᠪ∙ ᠪᠠᠲᠤᠡᠦ᠋ᠯᠵᠠᠢ ᠲᠠᠢ ᠵᠢᠷᠭᠤᠭ᠎ᠠ ᠶᠢᠨ ᠳᠠᠪᠠᠭᠠᠨ ᠳᠤ ᠳᠠᠬᠢᠨ ᠲᠠᠭᠠᠷᠠᠵᠤ ᠂ ᠬᠠᠷᠴᠠᠭᠠᠢ ᠶᠢ ᠳᠠᠪᠠᠵᠤ᠂ ᠮᠣᠩᠭᠣᠯ ᠤᠯᠤᠰ ᠤᠨ ᠬᠠᠷᠴᠠᠭᠠᠢ ᠴᠣᠯᠠ ᠬᠦᠷᠲᠡᠯ᠎ᠡ᠃

ᠰᠡᠳᠬᠢᠭᠳᠡᠯ ᠦᠯᠡᠳᠡᠭᠡᠬᠦ