313 ᠬᠦᠦ᠂ 293 ᠥᠬᠢᠨ ᠮᠡᠨᠳᠦᠯᠡᠵᠡᠢ | News.MN

313 ᠬᠦᠦ᠂ 293 ᠥᠬᠢᠨ ᠮᠡᠨᠳᠦᠯᠡᠵᠡᠢ

2019 ᠣᠨ ᠤ ᠳᠣᠯᠣᠳᠤᠭᠠᠷ ᠰᠠᠷ᠎ᠠ ᠶᠢᠨ 11᠂12 ᠍ ᠤ ᠡᠳᠦᠷ ᠦᠳ ᠲᠦ ᠤᠯᠤᠰ ᠤᠨ ᠬᠡᠮᠵᠢᠶᠡᠨ ᠳᠦ 606 ᠡᠬᠡ ᠠᠮᠤᠷᠵᠢᠵᠤ 313 ᠬᠦᠦ ᠂ 293 ᠥᠬᠢᠨ ᠮᠡᠨᠳᠦᠯᠡᠵᠡᠢ᠃  ᠲᠤᠰ ᠡᠳᠦᠷ ᠦᠳ ᠲᠦ ᠡᠷᠡᠭᠦᠯ ᠮᠡᠨᠳᠦ ᠶᠢᠨ ᠪᠠᠶᠢᠭᠤᠯᠤᠯᠭ᠎ᠠ ᠳᠤ 13118 ᠢᠷᠭᠡᠨ ᠬᠠᠨᠳᠤᠭᠰᠠᠨ ᠠᠴᠠ ᠡᠮᠨᠡᠯᠭᠡ ᠳᠦ ᠬᠡᠪᠲᠡᠬᠦ ᠱᠠᠭᠠᠷᠳᠠᠯᠭ᠎ᠠ ᠲᠠᠢ 3172 ᠢᠷᠭᠡᠨ ᠢ ᠬᠡᠪᠲᠡᠭᠦᠯᠵᠤ᠂ ᠲᠦᠷᠭᠡᠨ ᠲᠤᠰᠠᠯᠠᠮᠵᠢ ᠶᠢᠨ ᠳᠠᠭᠤᠳᠠᠯᠭ᠎ᠠ ᠪᠠᠷ 4572 ᠢᠷᠭᠡᠨ ᠳᠦ ᠬᠦᠷᠴᠦ ᠦᠢᠯᠡᠴᠢᠯᠡᠵᠡᠢ᠃

ᠪᠠᠶᠠᠷ ᠨᠠᠭᠠᠳᠤᠮ ᠤᠨ ᠠᠮᠠᠷᠠᠯᠲᠠ ᠶᠢᠨ ᠡᠳᠦᠷ ᠦᠳ ᠢᠶᠡᠷ ᠭᠣᠣᠯ ᠤᠰᠤᠨ ᠳᠤ ᠤᠰᠤᠯᠳᠠᠬᠤ᠂ ᠵᠠᠮ ᠲᠡᠭᠡᠭᠡᠪᠦᠷᠢ ᠶᠢᠨ ᠣᠰᠣᠯ ᠤᠨ ᠳᠠᠭᠤᠳᠠᠯᠭ᠎ᠠ ᠵᠣᠩᠬᠢᠯᠠᠵᠤ ᠪᠠᠶᠢᠨ᠎ᠠ ᠭᠡᠵᠦ ᠡᠷᠡᠭᠦᠯ ᠮᠡᠨᠳᠦ ᠶᠢᠨ ᠶᠠᠮᠤᠨ ᠠᠴᠠ ᠮᠡᠳᠡᠭᠡᠯᠡᠯ᠎ᠡ᠃ ᠦᠨᠳᠦᠰᠦᠨ ᠦ ᠶᠡᠬᠡ ᠪᠠᠶᠠᠷ ᠨᠠᠭᠠᠳᠤᠮ ᠤᠨ ᠡᠳᠦᠷ ᠦᠳ ᠲᠦ ᠡᠷᠡᠭᠦᠯ ᠮᠡᠨᠳᠦ ᠶᠢᠨ ᠪᠦᠬᠦ ᠱᠠᠲᠤᠨ ᠤ ᠪᠠᠶᠢᠭᠤᠯᠤᠯᠭ᠎ᠠ 24 ᠴᠠᠭ ᠤᠨ ᠵᠢᠵᠢᠭᠦᠷ ᠭᠠᠷᠭᠠᠨ᠂ ᠥᠨᠳᠦᠷᠵᠢᠭᠦᠯᠦᠭᠰᠡᠨ ᠪᠡᠯᠡᠨ ᠪᠠᠶᠢᠳᠠᠯ ᠳᠤ ᠠᠵᠢᠯᠯᠠᠵᠤ ᠪᠠᠶᠢᠭ᠎ᠠ ᠶᠤᠮ᠃

ᠰᠡᠳᠬᠢᠭᠳᠡᠯ ᠦᠯᠡᠳᠡᠭᠡᠬᠦ