ᠰ∙ᠲᠩᠷᠢ ᠬᠢᠲᠠᠳ ᠤᠨ ᠰᠢᠯᠢᠳᠡᠭ ᠳᠠᠭᠤᠴᠢᠨ ᠢᠶᠠᠷ ᠳᠠᠬᠢᠨ ᠰᠢᠯᠭᠠᠷᠠᠵᠠᠢ | News.MN

ᠰ∙ᠲᠩᠷᠢ ᠬᠢᠲᠠᠳ ᠤᠨ ᠰᠢᠯᠢᠳᠡᠭ ᠳᠠᠭᠤᠴᠢᠨ ᠢᠶᠠᠷ ᠳᠠᠬᠢᠨ ᠰᠢᠯᠭᠠᠷᠠᠵᠠᠢ

ᠦᠪᠦᠷ ᠮᠤᠩᠭᠤᠯ ᠤᠨ ᠠᠯᠳᠠᠷᠲᠤ ᠳᠠᠭᠤᠴᠢᠨ ᠰ∙ᠲᠩᠷᠢ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠤᠨ ᠰᠢᠯᠢᠳᠡᠭ ᠳᠠᠭᠤᠴᠢᠨ ᠢᠶᠠᠷ ᠳᠠᠬᠢᠨ ᠰᠢᠯᠭᠠᠷᠠᠵᠠᠢ᠃ ᠲᠣᠳᠣᠷᠠᠭᠤᠯᠪᠠᠯ᠂ ︽ᠣᠳᠣᠨ︾ ᠲᠸᠯᠸᠢᠰ ᠦᠨ ᠵᠣᠬᠢᠶᠠᠭᠰᠠᠨ ᠭᠤᠷᠪᠠᠨ ᠰᠠᠷ᠎ᠠ ᠦᠷᠭᠦᠯᠵᠢᠯᠡᠭᠰᠡᠨ ᠤᠷᠤᠯᠳᠤᠭᠠᠨᠲᠤ ᠨᠡᠪᠲᠡᠷᠡᠭᠦᠯᠭᠡ ᠳᠦ ᠠᠪᠤᠷᠭᠤ ᠪᠠᠷ ᠰᠢᠯᠭᠠᠷᠠᠭᠰᠠᠨ ᠪᠠᠶᠢᠨ᠎ᠠ᠃ ᠲᠡᠷᠡᠪᠡᠷ᠂ ᠥᠩᠭᠡᠷᠡᠭᠰᠡᠨ ᠡᠪᠦᠯ ᠪᠤᠶᠤ ᠠᠷᠪᠠᠨ ᠬᠣᠶᠠᠳᠤᠭᠠᠷ ᠰᠠᠷ᠎ᠠ ᠳᠤ ︽ᠠᠯᠲᠠᠨ  ᠬᠤᠭᠤᠯᠠᠶᠢᠲᠤ ᠳᠠᠭᠤᠴᠢᠨ︾ ᠬᠡᠮᠡᠬᠦ ᠠᠯᠳᠠᠷ ᠢ ᠬᠦᠷᠲᠡᠭᠰᠡᠨ᠃ ᠲᠣᠳᠣᠷᠠᠭᠤᠯᠪᠠᠯ᠂ ᠬᠢᠲᠠᠳ  ᠤᠨ ᠨᠢᠭᠡᠨ ᠦᠶ᠎ᠡ ᠶᠢᠨ ᠤᠳᠤᠷᠢᠳᠤᠭᠴᠢ ᠳ᠋ᠸᠩ ᠰᠢᠶᠤᠤ ᠫᠢᠩ  ᠦᠨ ᠡᠬᠢᠯᠡᠭᠦᠯᠦᠭᠰᠡᠨ ᠥᠭᠡᠷᠡᠴᠢᠯᠡᠯᠲᠡ᠂ ᠰᠢᠨᠡᠴᠢᠯᠡᠯᠲᠡ ᠪᠦᠲᠦᠭᠡᠨ ᠪᠠᠶᠢᠭᠤᠯᠤᠯᠲᠠ ᠶᠢᠨ 40 ᠵᠢᠯ ᠦᠨ ᠣᠢ ᠶᠢᠨ ᠪᠠᠶᠠᠷ ᠤᠨ ᠠᠷᠭ᠎ᠠ ᠬᠡᠮᠵᠢᠶᠡᠨ ᠦ ᠦᠶ᠎ᠡ ᠪᠡᠷ ᠲᠡᠭᠦᠨ ᠳᠦ ᠤᠭ ᠱᠠᠩᠨᠠᠯ ᠢ ᠭᠠᠷᠳᠠᠭᠤᠯᠤᠭᠰᠠᠨ ᠪᠠᠶᠢᠨ᠎ᠠ᠃ ᠰ ∙ ᠲᠩᠷᠢ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠤᠨ ᠲᠣᠮᠣᠬᠠᠨ ᠳᠠᠭᠤᠤ ᠪᠦᠵᠢᠭ ᠦᠨ ᠴᠢᠭᠤᠯᠭ᠎ᠠ ᠶᠢᠨ ᠳᠠᠷᠤᠭ᠎ᠠ ᠪᠠᠷ ᠠᠵᠢᠯᠯᠠᠳᠠᠭ ᠶᠤᠮ᠃ ᠠᠩᠬ᠎ᠠ 1989 ᠣᠨ ᠳᠤ ᠬᠢᠲᠠᠳ ᠤᠨ ᠡᠰᠲᠷᠠᠳ᠋ ᠍ ᠤᠨ ᠳᠠᠭᠤᠴᠢᠳ ᠢ ᠰᠢᠯᠭᠠᠷᠠᠭᠤᠯᠬᠤ ᠲᠡᠮᠡᠴᠡᠭᠡᠨ ᠳᠦ ᠣᠷᠣᠯᠴᠠᠵᠤ ᠰᠢᠯᠢᠳᠡᠭ ᠢᠶᠡᠷ ᠰᠢᠯᠭᠠᠷᠠᠨ ᠨᠡᠷ᠎ᠡ ᠠᠯᠳᠠᠷ ᠨᠢ ᠲᠦᠭᠡᠵᠡᠢ᠃ ᠲᠡᠭᠦᠨ ᠦ 1991 ᠣᠨ ᠳᠤ ᠠᠶ᠎ᠠ ᠶᠢ ᠨᠢ ᠵᠣᠬᠢᠶᠠᠭᠰᠠᠨ  ︽ᠠᠪᠤ ᠪᠢᠳᠡ ᠬᠣᠶᠠᠷ︾ ᠳᠠᠭᠤᠤ ᠨᠢ ᠠᠽᠢᠶ᠎ᠠ ᠶᠢᠨ ᠬᠥᠭᠵᠢᠮ ᠦᠨ ᠨᠠᠭᠠᠳᠤᠮ ᠤᠨ ᠬᠣᠶᠠᠳᠤᠭᠠᠷ ᠪᠠᠶᠢᠷᠢ ᠡᠵᠡᠯᠡᠭᠰᠡᠨ ᠪᠣᠯ ᠴ∙ᠴᠢᠮᠡᠳ ᠦᠨ ︽ᠪᠢ ᠮᠣᠩᠭᠣᠯ ᠬᠦᠮᠦᠨ︾ ᠰᠢᠯᠦᠭ ᠢᠶᠡᠷ ᠪᠦᠲᠦᠭᠡᠭᠰᠡᠨ ᠳᠠᠭᠤᠤ ᠮᠣᠩᠭᠣᠯ ᠲᠤᠭᠤᠷᠭᠠᠲᠠᠨ ᠤ ᠰᠦᠯᠳᠡ ᠳᠠᠭᠤᠯᠠᠯ ᠪᠣᠯᠤᠭᠰᠠᠨ ᠶᠤᠮ᠃

ᠰᠡᠳᠬᠢᠭᠳᠡᠯ ᠦᠯᠡᠳᠡᠭᠡᠬᠦ