ᠮᠣᠩᠭᠣᠯᠴᠤᠳ ᠨᠠᠢᠮᠠᠳᠤᠭᠠᠷ ᠵᠠᠭᠤᠨ ᠤ ᠦᠶ᠎ᠡ ᠡᠴᠡ ᠡᠬᠢᠯᠡᠨ ᠤᠭ ᠤᠨ ᠪᠢᠴᠢᠭ ᠢᠶᠡᠨ ᠬᠦᠲᠦᠯᠵᠦ ᠢᠷᠡᠭᠰᠡᠨ ᠪᠠᠷᠢᠮᠲᠠ ᠪᠠᠶᠢᠳᠠᠭ ᠪᠥᠭᠡᠳ ᠡᠷᠲᠡ ᠳᠡᠭᠡᠷ᠎ᠡ ᠦᠶ᠎ᠡ ᠡᠴᠡ ᠤᠭ ᠤᠨ ᠪᠢᠴᠢᠭ ᠢᠶᠡᠨ ᠶᠢᠰᠦᠨ ᠦᠶ᠎ᠡ ᠪᠡᠷ ᠢᠶᠡᠨ ᠬᠦᠲᠦᠯᠵᠦ᠂ ᠲᠡᠭᠦᠪᠡᠷ ᠢᠶᠡᠨ ᠳᠠᠮᠵᠢᠭᠤᠯᠤᠨ ᠤᠳᠤᠮ ᠤᠭᠰᠠᠭ᠎ᠠ ᠪᠠᠨ ᠲᠠᠨᠢᠵᠤ ᠮᠡᠳᠡᠬᠦ᠂ ᠤᠳᠤᠮ ᠤᠨ ᠲᠡᠦᠬᠡ ᠪᠡᠷ ᠢᠶᠡᠨ ᠪᠠᠬᠠᠷᠬᠠᠬᠤ ᠦᠵᠡᠯ ᠢ ᠪᠤᠢ ᠪᠣᠯᠭᠠᠵᠤ᠂ ᠦᠶ᠎ᠡ ᠳᠠᠮᠵᠢᠨ ᠥᠪᠯᠡᠭᠦᠯᠵᠦ ᠢᠷᠡᠭᠰᠡᠨ ᠤᠯᠠᠮᠵᠢᠯᠠᠯ ᠲᠠᠢ ᠠᠷᠠᠳ ᠲᠦᠮᠡᠨ᠃ ᠤᠭ ᠤᠨ ᠪᠢᠴᠢᠭ ᠬᠥᠲᠥᠯᠬᠦ ᠨᠢ ᠢᠷᠭᠡᠳ ᠲᠦ ᠤᠳᠤᠮ ᠤᠭᠰᠠᠭ᠎ᠠ ᠪᠠᠨ ᠮᠡᠳᠡᠬᠦ ᠴᠢᠬᠤᠯᠠ ᠠᠴᠢ ᠬᠣᠯᠪᠣᠭᠳᠠᠯ ᠲᠠᠢ ᠴᠤ ᠨᠥᠭᠥᠭᠡ ᠲᠠᠯ᠎ᠠ ᠪᠠᠷ ᠲᠥᠷᠥ ᠶᠢᠨ ᠲᠡᠦᠬᠡ ᠶᠢᠨ ᠨᠢᠭᠡ ᠬᠡᠰᠡᠭ ᠪᠣᠯᠵᠤ ᠪᠠᠶᠢᠳᠠᠭ ᠢᠶᠠᠷ ᠢᠶᠠᠨ ᠣᠨᠴᠠᠯᠢᠭ ᠲᠠᠢ᠃
ᠡᠨᠡ ᠴᠢᠬᠤᠯᠠ ᠦᠢᠯᠡᠰ ᠲᠦ ︽ᠮᠣᠩᠭᠣᠯ ᠤᠨ ᠤᠭ ᠤᠨ ᠪᠢᠴᠢᠭ ᠦᠨ ᠬᠣᠯᠪᠣᠭ᠎ᠠ︾᠍ ᠶᠢᠨ ᠲᠡᠷᠢᠭᠦᠨ ᠨ ∙ ᠲᠦᠮᠡᠨ-ᠥᠯᠵᠡᠢ ᠶᠡᠬᠡᠬᠡᠨ ᠴᠢᠬᠤᠯᠠ ᠡᠭᠦᠷᠭᠡ ᠭᠦᠢᠴᠡᠳᠭᠡᠭᠰᠡᠨ ᠶᠤᠮ᠃ ᠲᠡᠭᠦᠨ ᠦ ᠡᠨᠡ ᠬᠥᠳᠡᠯᠮᠦᠷᠢ ᠶᠢ ᠮᠣᠩᠭᠣᠯ ᠤᠨ ᠲᠥᠷᠥ ᠦᠨᠡᠯᠡᠵᠦ ︽ᠠᠯᠲᠠᠨ ᠭᠠᠳᠠᠰᠤ︾ ᠣᠳᠣᠨ ᠢᠶᠠᠷ ᠱᠠᠩᠨᠠᠯ᠎ᠠ᠃