ᠵᠠᠷᠢᠮ ᠭᠠᠵᠠᠷ ᠨᠤᠲᠤᠭ ᠢ ᠤᠯᠤᠰ ᠤᠨ ᠬᠠᠮᠠᠭᠠᠯᠠᠯᠲᠠ ᠳᠤ ᠠᠪᠤᠨ᠎ᠠ | News.MN

ᠵᠠᠷᠢᠮ ᠭᠠᠵᠠᠷ ᠨᠤᠲᠤᠭ ᠢ ᠤᠯᠤᠰ ᠤᠨ ᠬᠠᠮᠠᠭᠠᠯᠠᠯᠲᠠ ᠳᠤ ᠠᠪᠤᠨ᠎ᠠ

ᠵᠠᠰᠠᠭ ᠤᠨ ᠭᠠᠵᠠᠷ ᠤᠨ ᠬᠤᠷᠠᠯᠳᠤᠭᠠᠨ 2019 ᠣᠨ ᠤ 07 ᠳ᠋ᠤᠭᠠᠷ ᠰᠠᠷ᠎ᠠ ᠶᠢᠨ 09 ᠍ ᠦ ᠡᠳᠦᠷ ᠪᠤᠯᠵᠤ ᠂ ᠵᠠᠷᠢᠮ  ᠭᠠᠵᠠᠷ ᠨᠤᠲᠤᠭ ᠢ  ᠤᠯᠤᠰ ᠤᠨ ᠲᠤᠰᠬᠠᠢ ᠬᠠᠮᠠᠭᠠᠯᠠᠯᠲᠠ ᠳᠤ ᠠᠪᠬᠤ ᠪᠠᠷ ᠲᠤᠭᠲᠠᠯ᠎ᠠ ᠃ ᠪᠠᠶᠢᠭᠠᠯᠢ ᠶᠢᠨ ᠪᠥᠰᠡ ᠪᠦᠰᠡᠯᠡᠭᠦᠷ ᠦᠨ ᠣᠨᠴᠠᠯᠢᠭ ᠬᠡᠪ ᠰᠢᠨᠵᠢ᠂ ᠤᠨᠠᠭᠠᠨ ᠲᠥᠷᠬᠥ᠂ ᠥᠪᠡᠷᠮᠢᠴᠡ ᠲᠣᠭᠲᠠᠴᠠ᠂ ᠲᠡᠦᠬᠡ ᠳᠤᠷᠠᠰᠬᠠᠯ᠂ ᠬᠣᠪᠣᠷᠳᠠᠭᠰᠠᠨ ᠤᠷᠭᠤᠮᠠᠯ ᠠᠮᠢᠲᠠᠳ ᠢ ᠬᠠᠮᠠᠭᠠᠯᠠᠬᠤ ᠵᠣᠷᠢᠯᠭ᠎ᠠ ᠪᠠᠷ ᠵᠠᠷᠢᠮ ᠭᠠᠵᠠᠷ ᠨᠤᠲᠤᠭ ᠢ ᠤᠯᠤᠰ ᠤᠨ ᠲᠤᠰᠬᠠᠢ ᠬᠠᠮᠠᠭᠠᠯᠠᠯᠲᠠ ᠳᠤ ᠠᠪᠬᠤ ᠪᠠᠷ ᠲᠥᠯᠥᠪᠯᠡᠵᠦ ᠪᠠᠶᠢᠨ᠎ᠠ᠃
• ᠣᠨᠣᠨ ᠪᠠᠯᠵᠢ ᠶᠢᠨ ᠪᠠᠶᠢᠭᠠᠯᠢ ᠶᠢᠨ ᠴᠤᠭᠴᠠᠯᠠᠪᠤᠷᠢᠲᠤ ᠭᠠᠵᠠᠷ ᠤᠨ ᠬᠢᠯᠢ ᠶᠢᠨ ᠵᠠᠭᠠᠭ ᠲᠤ ᠬᠡᠨᠲᠡᠢ ᠠᠶᠢᠮᠠᠭ ᠤᠨ ᠳᠠᠳᠠᠯ ᠂ ᠪᠠᠲᠤᠰᠢᠷᠡᠭᠡᠲᠦ᠂ ᠪᠢᠨᠳᠡᠷ ᠰᠤᠮᠤ ᠶᠢᠨ ᠵᠠᠷᠢᠮ ᠬᠡᠰᠡᠭ ᠢ ᠬᠠᠮᠤᠷᠤᠭᠤᠯᠤᠨ ᠥᠷᠭᠡᠳᠬᠡᠯ ᠢᠶᠡᠷ ︔
• ᠳᠡᠪᠦᠯ ᠦᠨ ᠠᠷᠠᠯ ᠤᠨ ᠪᠠᠶᠢᠭᠠᠯᠢ ᠶᠢᠨ ᠨᠥᠭᠡᠴᠡ ᠭᠠᠵᠠᠷ ᠤᠨ ᠬᠢᠯᠢ ᠶᠢᠨ ᠵᠠᠭᠠᠭ ᠲᠤ ᠤᠪᠰᠤ ᠠᠶᠢᠮᠠᠭ ᠤᠨ ᠬᠣᠪᠳᠣ᠂  ᠪᠦᠬᠡᠮᠦ᠋ᠷᠡᠨ ᠰᠤᠮᠤ᠂ ᠪᠠᠶᠠᠨ-ᠥᠯᠥᠭᠡᠢ ᠠᠶᠢᠮᠠᠭ ᠤᠨ ᠨᠣᠭᠣᠭᠠᠨᠨᠠᠭᠤᠷ ᠰᠤᠮᠤ ᠶᠢᠨ ᠨᠤᠲᠤᠭ ᠳᠠᠬᠢ ᠠᠴᠢᠲᠤ ᠨᠠᠭᠤᠷ ᠢ ᠬᠠᠮᠤᠷᠤᠭᠤᠯᠤᠨ ᠥᠷᠭᠡᠳᠬᠡᠵᠦ ᠪᠠᠶᠢᠭᠠᠯ ᠤᠨ ᠴᠤᠭᠴᠠᠯᠠᠪᠤᠷᠢᠲᠤ ᠭᠠᠵᠠᠷ ᠢᠶᠠᠷ ︔
• ᠵᠠᠪᠬᠠᠨ ᠠᠶᠢᠮᠠᠭ ᠤᠨ ᠳᠥᠷᠪᠡᠯᠵᠢᠨ ᠰᠤᠮᠤ ᠶᠢᠨ ᠨᠤᠲᠤᠭ ᠳᠠᠬᠢ ᠬᠣᠮ ᠤᠨ ᠲᠠᠯ᠎ᠠ ᠶᠢ ᠪᠠᠶᠢᠭᠠᠯᠢ ᠶᠢᠨ ᠴᠤᠭᠴᠠᠯᠠᠪᠤᠷᠢᠲᠤ ᠭᠠᠵᠠᠷ ᠢᠶᠠᠷ ︔
• ᠬᠡᠨᠲᠡᠢ ᠠᠶᠢᠮᠠᠭ ᠤᠨ ᠪᠠᠲᠤᠰᠢᠷᠡᠭᠡᠲᠦ᠂ ᠪᠢᠨᠳᠡᠷ ᠰᠤᠮᠤ ᠳ᠋ᠡᠬᠢ ᠭᠤᠲᠠᠢ ᠶᠢᠨ ᠳᠠᠪᠠᠭ᠎ᠠ ᠂ ᠬᠥᠮᠡᠯᠢ ᠭᠣᠣᠯ ᠤᠨ ᠡᠬᠢ ᠶᠢ  ᠪᠠᠶᠢᠭᠠᠯᠢ ᠶᠢᠨ ᠴᠤᠭᠴᠠᠯᠠᠪᠤᠷᠢᠲᠤ ᠭᠠᠵᠠᠷ ᠢᠶᠠᠷ ︔
• ᠪᠠᠶᠠᠨᠬᠣᠩᠭᠣᠷ ᠠᠶᠢᠮᠠᠭ ᠤᠨ ᠭᠠᠯᠠᠭᠤᠲᠤ ᠰᠤᠮᠤ ᠳ᠋ᠡᠬᠢ ᠬᠠᠨ ᠠᠭᠤᠯᠠ ᠣᠷᠴᠢᠮ ᠤᠨ ᠭᠠᠵᠠᠷ ᠢ ᠬᠠᠩᠭᠠᠢ ᠶᠢᠨ ᠨᠢᠷᠤᠭᠤᠨ ᠤ  ᠪᠠᠶᠢᠭᠠᠯᠢ ᠶᠢᠨ ᠴᠤᠭᠴᠠᠯᠠᠪᠤᠷᠢᠲᠤ ᠭᠠᠵᠠᠷ ᠤᠨ ᠥᠷᠭᠡᠳᠬᠡᠯ ᠢᠶᠡᠷ ︔
• ᠪᠠᠶᠠᠨᠬᠣᠩᠭᠣᠷ ᠠᠶᠢᠮᠠᠭ ᠤᠨ ᠭᠠᠯᠠᠭᠤᠲᠤ ᠰᠤᠮᠤ ᠳ᠋ᠡᠬᠢ ᠪᠠᠶᠠᠨᠬᠣᠩᠭᠣᠷ ᠬᠠᠶᠢᠷᠬᠠᠨ ᠠᠭᠤᠯᠠ ᠶᠢ ᠳᠤᠷᠠᠰᠬᠠᠯᠲᠤ ᠭᠠᠵᠠᠷ ᠢᠶᠠᠷ︔
• ᠪᠠᠶᠠᠨᠬᠣᠩᠭᠣᠷ ᠠᠶᠢᠮᠠᠭ ᠤᠨ ᠭᠤᠷᠪᠠᠨᠪᠤᠯᠠᠭ᠂ ᠵᠠᠪᠬᠠᠨ ᠠᠶᠢᠮᠠᠭ ᠤᠨ ᠣᠳᠬᠣᠨ ᠰᠤᠮᠤ ᠶᠢᠨ ᠨᠤᠲᠤᠭ ᠳᠠᠬᠢ  ᠬᠦᠬᠡᠨᠠᠭᠤᠷ᠂ ᠪᠤᠮᠪᠠᠲᠤ ᠣᠷᠴᠢᠮ ᠤᠨ ᠭᠠᠵᠠᠷ ᠢ ᠪᠠᠶᠢᠭᠠᠯᠢ ᠶᠢᠨ ᠨᠥᠭᠡᠴᠡ ᠭᠠᠵᠠᠷ ᠢᠶᠠᠷ ︔
• ᠬᠡᠨᠲᠡᠢ ᠠᠶᠢᠮᠠᠭ ᠤᠨ ᠡᠮᠦᠨᠡᠳᠡᠯᠭᠡᠷ᠂ ᠪᠠᠲᠤᠰᠢᠷᠡᠭᠡᠲᠦ᠂ ᠪᠢᠨᠳᠡᠷ᠂ ᠪᠠᠶᠠᠨ- ᠠᠳᠠᠷᠭ᠎ᠠ ᠰᠤᠮᠤ ᠳ᠋ᠡᠬᠢ ᠬᠤᠷᠬ᠎ᠠ ᠬᠦᠢᠲᠡᠨ ᠦ ᠬᠥᠨᠳᠡᠢ ᠣᠷᠴᠢᠮ ᠤᠨ ᠭᠠᠵᠠᠷ ᠢ ᠪᠠᠶᠢᠭᠠᠯᠢ ᠶᠢᠨ ᠨᠥᠭᠡᠴᠡ ᠭᠠᠵᠠᠷ ᠢᠶᠠᠷ ︔
• ᠠᠯᠲᠠᠨ ᠬᠥᠬᠡᠢ ᠠᠭᠤᠯᠠ ᠶᠢᠨ  ᠪᠠᠶᠢᠭᠠᠯᠢ ᠶᠢᠨ ᠨᠥᠭᠡᠴᠡ ᠭᠠᠵᠠᠷ ᠤᠨ ᠬᠢᠯᠢ ᠶᠢᠨ ᠵᠠᠭᠠᠭ ᠲᠤ ᠬᠣᠪᠳᠣ ᠠᠶᠢᠮᠠᠭ ᠤᠨ ᠮᠢᠩᠭᠠᠳ ᠰᠤᠮᠤ ᠶᠢᠨ ᠵᠠᠷᠢᠮ ᠬᠡᠰᠡᠭ ᠢ ᠬᠠᠮᠤᠷᠤᠭᠤᠯᠤᠨ ᠥᠷᠭᠡᠳᠬᠡᠯ ᠢᠶᠡᠷ ᠬᠠᠮᠠᠭᠠᠯᠠᠯᠲᠠ ᠳᠤ  ᠠᠪᠬᠤ ︔
• ᠣᠷᠬᠣᠨ ᠤ ᠬᠥᠨᠳᠡᠢ ᠶᠢᠨ  ᠪᠠᠶᠢᠭᠠᠯᠢ ᠶᠢᠨ ᠴᠤᠭᠴᠠᠯᠠᠪᠤᠷᠢᠲᠤ ᠭᠠᠵᠠᠷ ᠤᠨ ᠬᠢᠵᠠᠭᠠᠷᠯᠠᠯᠲᠠ ᠶᠢᠨ ᠪᠥᠰᠡ ᠳ᠋ᠡᠬᠢ ᠥᠪᠦᠷᠬᠠᠩᠭᠠᠢ ᠠᠶᠢᠮᠠᠭ ᠤᠨ ᠪᠠᠲᠤ-ᠥᠯᠵᠡᠢ ᠰᠤᠮᠤ ᠶᠢᠨ ᠲᠥᠪ ᠣᠷᠴᠢᠮ ᠤᠨ 3090.16 ᠭᠠ ᠭᠠᠵᠠᠷ ᠢ ᠲᠤᠰᠬᠠᠢ ᠬᠠᠮᠠᠭᠠᠯᠠᠯᠲᠠ ᠲᠠᠢ ᠭᠠᠵᠠᠷ ᠨᠤᠲᠤᠭ ᠠᠴᠠ ᠴᠢᠯᠦᠭᠡᠯᠡᠬᠦ ᠶᠤᠮ᠃

ᠰᠡᠳᠬᠢᠭᠳᠡᠯ ᠦᠯᠡᠳᠡᠭᠡᠬᠦ