ᠨᠡᠶᠢᠰᠯᠡᠯ ᠦᠨ ᠶᠢᠰᠦᠨ ᠳᠡᠭᠦᠷᠭᠡ ᠶᠢᠨ ᠡᠷᠡᠭᠦᠯ ᠮᠡᠨᠳᠦ ᠶᠢᠨ ᠲᠥᠪ ᠦᠳ ᠲᠦ B ᠸᠢᠷᠦ᠋ᠰ ᠤᠨ ᠡᠰᠡᠷᠭᠦ ᠸᠠᠺᠼᠢᠨ ᠢᠶᠠᠷ ᠰᠠᠶᠢᠨ ᠳᠤᠷ᠎ᠠ ᠶᠢᠨ ᠳᠠᠷᠬᠠᠯᠠᠵᠢᠭᠤᠯᠤᠯᠲᠠ ᠶᠢ ᠳᠣᠯᠣᠳᠤᠭᠠᠷ ᠰᠠᠷ᠎ᠠ ᠶᠢᠨ 8 ᠡᠴᠡ ᠬᠢᠵᠦ ᠡᠬᠢᠯᠡᠯ᠎ᠡ᠃ ᠮᠣᠩᠭᠣᠯ ᠤᠯᠤᠰ ᠤᠨ ᠵᠠᠰᠠᠭ ᠤᠨ ᠭᠠᠵᠠᠷ ᠤᠨ 2017 ᠣᠨ ᠤ 11 ᠳ᠋ᠤᠭᠡᠷ ᠲᠣᠭᠲᠠᠭᠠᠯ ᠢᠶᠠᠷ ᠪᠠᠲᠤᠯᠠᠭᠳᠠᠭᠰᠠᠨ ︽ᠬᠠᠯᠳᠠᠪᠤᠷᠢᠲᠤ ᠡᠪᠡᠳᠴᠢᠨ ᠡᠴᠡ ᠰᠡᠷᠭᠡᠶᠢᠯᠡᠬᠦ᠂ ᠬᠢᠨᠠᠬᠤ ᠦᠨᠳᠦᠰᠦᠨ ᠦ ᠬᠥᠲᠥᠯᠪᠦᠷᠢ︾᠂ 2017 ᠣᠨ ᠤ 112 ᠳ᠋ᠤᠭᠠᠷ ᠲᠣᠭᠲᠠᠭᠠᠯ ᠢᠶᠠᠷ ᠪᠠᠲᠤᠯᠠᠭᠳᠠᠭᠰᠠᠨ ︽ᠡᠯᠢᠭᠡ ᠪᠦᠲᠦᠨ ᠮᠣᠩᠭᠣᠯ︾ ᠦᠨᠳᠦᠰᠦᠨ ᠦ ᠬᠥᠲᠥᠯᠪᠦᠷᠢ ᠶᠢ ᠬᠡᠷᠡᠭᠵᠢᠭᠦᠯᠬᠦ ᠬᠦᠷᠢᠶᠡᠨ ᠳᠦ ᠬᠦᠮᠦᠨ ᠠᠮᠠ ᠶᠢ B ᠸᠢᠷᠦ᠋ᠰ ᠤᠨ ᠬᠠᠯᠳᠠᠪᠤᠷᠢ ᠠᠴᠠ ᠰᠡᠷᠭᠡᠶᠢᠯᠡᠬᠦ ᠵᠣᠷᠢᠯᠭ᠎ᠠ ᠪᠠᠷ ᠡᠶᠢᠨ ᠬᠦ ᠳᠠᠷᠬᠠᠯᠠᠵᠢᠭᠤᠯᠤᠯᠲᠠ ᠶᠢ ᠬᠢᠵᠦ ᠪᠠᠶᠢᠭ᠎ᠠ ᠶᠤᠮ᠃
B ᠸᠢᠷᠦ᠋ᠰ ᠤᠨ ᠸᠠᠺᠼᠢᠨ ᠬᠢᠯᠭᠡᠭᠰᠡᠨ ᠢᠶᠡᠷ ᠲᠠ B ᠸᠢᠷᠦ᠋ᠰ ᠡᠴᠡ ᠡᠭᠦᠳᠦᠯᠲᠡᠢ ᠡᠪᠡᠳᠴᠢᠯᠡᠯ ᠡᠴᠡ 10-15 ᠵᠢᠯ ᠦᠨ ᠲᠤᠷᠰᠢ ᠥᠪᠡᠷ ᠢ ᠪᠡᠨ ᠬᠠᠮᠠᠭᠠᠯᠠᠵᠤ ᠴᠢᠳᠠᠨ᠎ᠠ᠃