ᠬᠡᠦᠬᠡᠳ ᠦᠳ ᠦᠨ ᠰᠢᠮᠡᠳᠦᠨ ᠦᠵᠡᠳᠡᠭ Nickelodeon ᠰᠤᠪᠠᠭ ᠤᠨ All that ᠴᠤᠪᠤᠷᠠᠯ ᠳᠤ ᠮᠣᠩᠭᠣᠯ ᠬᠦᠦ ᠭᠣᠣᠯ ᠳᠦᠷᠢ ᠪᠦᠲᠦᠭᠡᠭᠰᠡᠨ ᠠᠵᠠᠢ᠃ 2015 ᠣᠨ ᠳᠤ ᠪᠠᠶᠢᠭᠤᠯᠤᠭᠳᠠᠭᠰᠠᠨ ︽ᠴᠡᠴᠡᠭᠡᠰ︾ ᠠᠩᠭᠯᠢ ᠬᠡᠯᠡᠨ ᠦ ᠬᠥᠲᠥᠯᠪᠦᠷᠢ ᠲᠡᠢ ᠬᠥᠲᠥᠯᠥᠭᠴᠢ᠂ ᠵᠦᠴᠦᠭᠡᠴᠢᠨ ᠦ ᠳᠤᠭᠤᠶᠢᠯᠠᠩ ᠬᠡᠦᠬᠡᠳ ᠦᠳ ᠢ ᠭᠠᠳᠠᠭᠠᠳᠤ ᠶᠢᠨ ᠺᠢᠨᠣ᠋ ᠤᠷᠠᠨ ᠪᠦᠲᠦᠭᠡᠯ ᠦᠳ ᠦᠨ ᠳᠦᠷᠢ ᠶᠢᠨ ᠰᠣᠩᠭᠣᠨ ᠰᠢᠯᠭᠠᠷᠠᠭᠤᠯᠤᠯᠲᠠ ᠳᠤ ᠪᠡᠯᠡᠳᠬᠡᠳᠡᠭ ᠪᠠᠶᠢᠨ᠎ᠠ᠃ ᠲᠤᠰ ᠳᠤᠭᠤᠶᠢᠯᠠᠩ ᠭᠠᠳᠠᠭᠠᠳᠤ ᠶᠢᠨ ᠺᠢᠨᠣ᠋ ᠰᠣᠩᠭᠣᠨ ᠰᠢᠯᠭᠠᠷᠠᠭᠤᠯᠤᠯᠲᠠ ᠶᠢᠨ ᠺᠣᠮᠫᠠᠨᠢ ᠨᠤᠭᠤᠳ ᠲᠠᠢ ᠬᠠᠮᠲᠤᠷᠠᠵᠤ ᠠᠵᠢᠯᠯᠠᠳᠠᠭ ᠪᠥᠭᠡᠳ ᠲᠡᠳᠡᠨ ᠳᠦ ᠬᠡᠳᠦ ᠬᠡᠳᠦᠨ ᠬᠡᠦᠬᠡᠳ ᠦᠨ ᠺᠢᠨᠤ᠋ ᠶᠢᠨ ᠰᠣᠩᠭᠣᠨ ᠰᠢᠯᠭᠠᠷᠠᠭᠤᠯᠤᠯᠲᠠ ᠶᠢᠨ ᠳᠠᠭᠤᠳᠠᠯᠭ᠎ᠠ ᠢᠷᠡᠵᠡᠢ᠃
ᠡᠳᠡᠭᠡᠷ ᠡᠴᠡ ᠳᠤᠷᠠᠳᠪᠠᠯ Netflix Orginals ᠍ ᠦᠨ Stranger Things ᠪᠤᠶᠤ ︽ᠬᠠᠴᠢᠨ ᠵᠦᠢᠯᠡᠰ︾ ᠣᠯᠠᠨ ᠠᠩᠭᠢᠲᠤ ᠺᠢᠨᠤ᠋ ᠶᠢᠨ ᠲᠤᠰᠠᠯᠠᠬᠤ ᠳᠦᠷᠢ ᠶᠢᠨ ᠰᠣᠩᠭᠣᠨ ᠰᠢᠯᠭᠠᠷᠠᠭᠤᠯᠤᠯᠲᠠ ᠶᠢᠨ ᠳᠠᠭᠤᠳᠠᠯᠭ᠎ᠠ ᠢᠷᠡᠭᠰᠡᠨ ᠪᠠᠶᠢᠨ᠎ᠠ᠃ ᠮᠥᠨTimmy Failure ᠭᠡᠬᠦ Stephen Pastis ᠵᠢᠷᠤᠭᠠᠴᠢ ᠶᠢᠨ ᠨᠣᠮ ᠠᠴᠠ ᠰᠡᠳᠦᠪᠯᠡᠭᠰᠡᠨ 11 ᠨᠠᠰᠤᠲᠠᠢ ᠮᠥᠷᠳᠡᠭᠴᠢ ᠬᠦᠦ ᠶᠢᠨ ᠲᠤᠬᠠᠢ ᠥᠭᠦᠯᠡᠬᠦ ᠠᠳᠠᠯ ᠶᠠᠪᠤᠳᠠᠯᠲᠤ ᠺᠢᠨᠤ᠋ ᠶᠢᠨ ᠲᠤᠰᠠᠯᠠᠬᠤ ᠪᠣᠯᠤᠨ ᠮᠠᠰᠰ ᠤᠨ ᠳᠦᠷᠢ ᠶᠢᠨ ᠰᠣᠩᠭᠣᠨ ᠰᠢᠯᠭᠠᠷᠠᠭᠤᠯᠤᠯᠲᠠ ᠮᠥᠨ ᠵᠠᠷᠯᠠᠭᠳᠠᠭᠠᠳ ᠪᠠᠶᠢᠭ᠎ᠠ ᠭᠡᠨ᠎ᠡ᠃