ᠪ∙ᠠᠷᠢᠭᠤᠨᠪᠢᠯᠢᠭ᠌ ᠰᠤᠷᠭᠠᠭᠤᠯᠢ ᠪᠠᠨ ᠲᠡᠷᠭᠡᠨᠴᠢᠷ ᠦᠨ ᠵᠠᠮ ᠲᠠᠢ ᠪᠣᠯᠭᠠᠯ᠎ᠠ | News.MN

ᠪ∙ᠠᠷᠢᠭᠤᠨᠪᠢᠯᠢᠭ᠌ ᠰᠤᠷᠭᠠᠭᠤᠯᠢ ᠪᠠᠨ ᠲᠡᠷᠭᠡᠨᠴᠢᠷ ᠦᠨ ᠵᠠᠮ ᠲᠠᠢ ᠪᠣᠯᠭᠠᠯ᠎ᠠ

ᠨᠡᠶᠢᠰᠯᠡᠯ ᠦᠨ 92ᠳ᠋ᠤᠭᠠᠷ ᠰᠤᠷᠭᠠᠭᠤᠯᠢ ᠶᠢᠨ ᠰᠤᠷᠤᠭᠴᠢ ᠠᠷᠢᠭᠤᠨᠪᠢᠯᠢᠭ᠌ ᠨᠢᠭᠡ ᠵᠢᠯ ᠦᠨ ᠡᠮᠦᠨ᠎ᠡ ︽ᠪᠢ ᠲᠣᠮᠣ ᠪᠣᠯᠬᠤ ᠠᠴᠠ ᠠᠶᠤᠵᠤ ᠪᠠᠶᠢᠨ᠎ᠠ︾ ᠬᠡᠮᠡᠨ ᠬᠡᠯᠡᠭᠰᠡᠨ ᠨᠢ ᠴᠠᠬᠢᠮ ᠤᠷᠴᠢᠨ ᠳᠤ ᠰᠠᠴᠤᠭᠳᠠᠵᠤ ᠪᠠᠶᠢᠪᠠ᠃ ᠤᠴᠢᠷ ᠨᠢ ᠲᠡᠷᠡ ᠪᠡᠷ ᠰᠤᠷᠭᠠᠭᠤᠯᠢ ᠶᠢᠨ ᠱᠠᠲᠤ ᠥᠭᠡᠳᠡ ᠡᠳᠦᠷ ᠪᠦᠷᠢ ᠡᠵᠢ ᠪᠡᠷ ᠢᠶᠡᠨ ᠲᠡᠪᠡᠷᠢᠭᠦᠯᠵᠦ   ᠠᠩᠭᠢ ᠳᠤ ᠪᠠᠨ ᠤᠴᠢᠳᠠᠭ᠃ ᠡᠵᠢ ᠪᠡᠨ ᠥᠷᠥᠪᠳᠥᠵᠦ ᠡᠳᠦᠷ ᠪᠦᠷᠢ ᠲᠡᠶᠢᠮᠦ ᠪᠠᠶᠢᠬᠤ ᠠᠴᠠ ᠰᠢᠨᠲᠠᠷᠠᠭᠰᠠᠨ ᠤᠴᠢᠷ ᠠᠴᠠ ᠲᠡᠭᠡᠵᠦ ᠬᠡᠯᠡᠵᠦ ᠪᠠᠶᠢᠭᠰᠠᠨ ᠭᠡᠳᠡᠭ᠃

ᠰᠤᠷᠭᠠᠭᠤᠯᠢ ᠳᠤ ᠶᠠᠪᠤᠬᠤ ᠳᠤᠷᠠᠲᠠᠢ ᠴᠤ ᠲᠡᠷᠭᠡᠨᠴᠢᠷ ᠲᠡᠢ ᠶᠠᠪᠤᠬᠤ ᠣᠷᠴᠢᠨ ᠢ ᠦᠭᠡᠶᠢᠯᠡᠵᠦ ᠪᠠᠶᠢᠭᠰᠠᠨ ᠲᠡᠭᠦᠨ ᠦ ᠬᠦᠰᠡᠯ ᠬᠢᠯᠢ ᠶᠢᠨ ᠴᠢᠨᠠᠳᠤ ᠳᠤ ᠬᠦᠷᠴᠦ  ᠪᠦᠭᠦᠳᠡ ᠨᠠᠶᠢᠷᠠᠮᠳᠠᠬᠤ ᠰᠤᠯᠤᠩᠭᠤᠰ ᠤᠯᠤᠰ᠍ ᠤᠨ ᠲᠡᠭᠡᠭᠡᠪᠦᠷᠢ ᠶᠢᠨ ᠰᠤᠷᠭᠠᠭᠤᠯᠢ ᠶᠢᠨ ᠣᠶᠤᠲᠠᠨ ᠨᠤᠭᠤᠳ ᠮᠥᠷᠥᠭᠡᠳᠦᠯ ᠢ ᠨᠢ ᠪᠡᠶᠡᠯᠡᠭᠦᠯᠵᠦ 92  ᠳ᠋ᠤᠭᠠᠷ ᠰᠤᠷᠭᠠᠭᠤᠯᠢ ᠲᠡᠷᠭᠡᠨᠴᠢᠷ ᠲᠡᠢ ᠰᠤᠷᠤᠭᠴᠢᠳ ᠲᠤ ᠵᠣᠷᠢᠭᠤᠯᠤᠭᠰᠠᠨ ᠵᠠᠮ ᠲᠠᠢ ᠪᠣᠯᠤᠯ᠎ᠠ᠃  ᠤᠶᠤᠲᠠᠳ 92 ᠍ ᠳ᠋ᠤᠭᠠᠷ ᠰᠤᠷᠭᠠᠭᠤᠯᠢ ᠳᠤ ᠰᠠᠶᠢᠨ ᠳᠤᠷ᠎ᠠ ᠶᠢᠨ ᠠᠵᠢᠯ ᠵᠣᠬᠢᠶᠠᠨ ᠪᠠᠶᠢᠭᠤᠯᠬᠤ ᠪᠠᠷ ᠭᠤᠷᠪᠠᠨ ᠰᠠᠷ᠎ᠠ ᠶᠢᠨ ᠲᠤᠷᠰᠢ ᠪᠡᠯᠡᠳᠬᠡᠯ ᠬᠢᠵᠦ ᠤᠷᠠᠯᠢᠭ ᠤᠨ ᠲᠠᠩᠬᠢᠮ᠂ ᠰᠫᠣᠷᠲ ᠲᠠᠩᠬᠢᠮ ᠢ ᠲᠣᠬᠢᠵᠢᠭᠤᠯᠵᠤ ᠲᠡᠷᠭᠡᠨᠴᠢᠷ ᠲᠡᠢ ᠶᠠᠪᠤᠬᠤ ᠵᠣᠷᠢᠭᠤᠯᠤᠯᠲᠠ ᠶᠢᠨ ᠵᠠᠮ ᠲᠠᠢ ᠪᠣᠯᠭᠠᠵᠤ ᠥᠭᠴᠡᠢ᠃

ᠰᠡᠳᠬᠢᠭᠳᠡᠯ ᠦᠯᠡᠳᠡᠭᠡᠬᠦ