ᠪ∙ᠡᠷᠳᠡᠨᠢᠬᠦᠦ ᠳᠦ ᠤᠯᠤᠰ ᠤᠨ ᠨᠠᠴᠢᠨ ᠴᠣᠯᠠ ᠶᠢ ᠨᠥᠬᠥᠵᠦ ᠣᠯᠭᠤᠯ᠎ᠠ | News.MN

ᠪ∙ᠡᠷᠳᠡᠨᠢᠬᠦᠦ ᠳᠦ ᠤᠯᠤᠰ ᠤᠨ ᠨᠠᠴᠢᠨ ᠴᠣᠯᠠ ᠶᠢ ᠨᠥᠬᠥᠵᠦ ᠣᠯᠭᠤᠯ᠎ᠠ

ᠲᠤᠯᠭᠤᠷ ᠲᠥᠷᠥ ᠶᠢᠨ 2227᠂ ᠶᠡᠬᠡ ᠮᠣᠩᠭᠣᠯ ᠤᠯᠤᠰ ᠤᠨ 812᠂ ᠠᠷᠠᠳ ᠤᠨ ᠬᠤᠪᠢᠰᠬᠠᠯ ᠤᠨ 97 ᠵᠢᠯ ᠦᠨ ᠣᠢ᠂ ᠦᠨᠳᠦᠰᠦᠨ ᠦ ᠶᠡᠬᠡ ᠪᠠᠶᠠᠷ ᠨᠠᠭᠠᠳᠤᠮ ᠤᠨ ᠬᠦᠴᠦᠲᠦ ᠪᠥᠬᠡ ᠶᠢᠨ ᠪᠠᠷᠢᠯᠳᠤᠭᠠᠨ ᠳᠤ ᠤᠴᠠᠷᠠᠭ᠎ᠠ ᠪᠥᠬᠡ ᠨᠢ ᠰᠡᠷᠭᠦᠭᠡᠰᠢ ᠶᠢᠨ ᠲᠥᠷᠥᠯ ᠦᠨ ᠪᠣᠳᠠᠰ ᠬᠡᠷᠡᠭᠯᠡᠭᠰᠡᠨ ᠨᠢ ᠲᠣᠭᠲᠠᠭᠠᠭᠳᠠᠵᠤ ᠳᠠᠪᠠᠭ᠎ᠠ ᠶᠢ ᠨᠢ ᠬᠦᠴᠦᠨ ᠦᠭᠡᠢ ᠪᠣᠯᠭᠠᠭᠰᠠᠨ ᠲᠤᠯᠠ ᠠᠶᠢᠮᠠᠭ ᠤᠨ ᠠᠷᠰᠯᠠᠨ ᠪ∙ᠡᠷᠳᠡᠨᠢᠬᠦᠦ ᠳᠦ ᠤᠯᠤᠰ ᠤᠨ ᠨᠠᠴᠢᠨ ᠴᠣᠯᠠ ᠣᠯᠭᠤᠬᠤ ᠪᠠᠷ ᠪᠣᠯᠤᠭᠰᠠᠨ ᠪᠢᠯᠡ᠃

ᠥᠨᠥᠳᠥᠷ ᠶᠡᠷᠦᠩᠬᠡᠶᠢᠯᠡᠭᠴᠢ ᠶᠢᠨ ᠡᠯ᠎ᠡ ᠵᠠᠷᠯᠢᠭ ᠢ ᠶᠣᠰᠣᠭᠠᠷ ᠪᠣᠯᠭᠠᠵᠤ᠂ ᠪ∙ᠡᠷᠳᠡᠨᠢᠬᠦᠦ ᠳᠦ ᠤᠯᠤᠰ ᠤᠨ ᠨᠠᠴᠢᠨ ᠴᠣᠯᠠ ᠶᠢ ᠨᠥᠬᠥᠵᠦ ᠣᠯᠭᠤᠯ᠎ᠠ᠃ ᠲᠡᠷᠡᠪᠡᠷ᠄ᠮᠢᠨᠦ13.14 ᠵᠢᠯ ᠦᠨ ᠬᠥᠳᠡᠯᠮᠦᠷᠢ ᠶᠢ ᠦᠨᠡᠯᠡᠵᠦ ᠤᠯᠤᠰ ᠤᠨ ᠨᠠᠴᠢᠨ ᠴᠣᠯᠠ ᠶᠢ ᠨᠥᠬᠥᠵᠦ ᠣᠯᠭᠤᠵᠤ ᠥᠭᠭᠦᠭᠰᠡᠨ ᠳᠦ ᠮᠠᠰᠢ ᠶᠡᠬᠡ ᠪᠠᠶᠠᠷᠯᠠᠵᠤ ᠪᠠᠶᠢᠨ᠎ᠠ᠃ ᠪᠠᠶᠠᠨᠬᠣᠩᠭᠣᠷ ᠠᠶᠢᠮᠠᠭ ᠤᠨ ᠪᠠᠶᠠᠨᠪᠤᠯᠠᠭ ᠰᠤᠮᠤ᠂ ᠪᠠᠶᠠᠨᠬᠣᠩᠭᠣᠷ ᠠᠶᠢᠮᠠᠭ ᠤᠨ ᠵᠢᠷᠭᠠᠯᠠᠩᠲᠤ ᠰᠤᠮᠤ᠂ ᠪᠠᠶᠠᠨᠬᠣᠩᠭᠣᠷ ᠠᠶᠢᠮᠠᠭ ᠤᠨ ᠨᠡᠶᠢᠲᠡ ᠠᠷᠠᠳ ᠢᠷᠭᠡᠳ ᠮᠠᠨᠢ ᠰᠠᠶᠢᠬᠠᠨ ᠨᠠᠭᠠᠳᠤᠭᠠᠷᠠᠢ᠃ ᠮᠥᠨ ᠲᠦᠷᠦᠵᠦ ᠥᠰᠦᠭᠰᠡᠨ ᠨᠤᠲᠤᠭ ᠪᠣᠯᠬᠤ ᠣᠷᠬᠣᠨ ᠠᠶᠢᠮᠠᠭ ᠤᠨ ᠪᠠᠶᠠᠨ-ᠥᠨᠳᠥᠷ ᠰᠤᠮᠤ ᠶᠢᠨ ᠬᠢᠨ ᠳᠤ ᠪᠠᠨ ᠰᠠᠶᠢᠬᠠᠨ ᠪᠠᠶᠠᠷᠯᠠᠭᠠᠷᠠᠢ ᠭᠡᠵᠦ ᠬᠡᠯᠡᠶ᠎ᠡ ᠭᠡᠪᠡ᠃

ᠰᠡᠳᠬᠢᠭᠳᠡᠯ ᠦᠯᠡᠳᠡᠭᠡᠬᠦ