ᠲᠷᠢᠶᠠᠲᠯᠤᠨ ᠤ ᠬᠣᠷᠢᠶ᠎ᠠ ᠶᠢ ᠪ∙ ᠴᠠᠭᠠᠨᠪᠠᠭᠠᠲᠤᠷ ᠤᠳᠤᠷᠢᠳᠤᠨ᠎ᠠ  | News.MN

ᠲᠷᠢᠶᠠᠲᠯᠤᠨ ᠤ ᠬᠣᠷᠢᠶ᠎ᠠ ᠶᠢ ᠪ∙ ᠴᠠᠭᠠᠨᠪᠠᠭᠠᠲᠤᠷ ᠤᠳᠤᠷᠢᠳᠤᠨ᠎ᠠ 

ᠠᠽᠢᠶ᠎ᠠ ᠶᠢᠨ ᠲᠷᠢᠶᠠᠲᠯᠤᠨ ᠤ ᠬᠣᠯᠪᠣᠭ᠎ᠠ ︵ASTC︶᠍ ᠶᠢᠨ ᠶᠡᠷᠦᠩᠬᠡᠶᠢᠯᠡᠭᠴᠢ ᠶᠢᠨ ᠲᠤᠰᠢᠶᠠᠯ ᠢᠶᠠᠷ ᠪ∙ ᠴᠠᠭᠠᠨᠪᠠᠭᠠᠲᠤᠷ ᠢ ᠲᠧᠭᠨᠢᠭ ᠦᠨ ᠬᠣᠷᠢᠶᠠᠨ ᠤ ᠳᠠᠷᠤᠭ᠎ᠠ᠂ ASTC ᠦᠨ ᠤᠳᠤᠷᠢᠳᠬᠤ ᠵᠥᠪᠯᠡᠯ ᠦᠨ ᠭᠡᠰᠢᠭᠦᠨ ᠢᠶᠡᠷ ᠳᠥᠷᠪᠡᠨ ᠵᠢᠯ ᠦᠨ ᠬᠤᠭᠤᠴᠠᠭ᠎ᠠ ᠲᠠᠢ ᠲᠣᠮᠢᠯᠠᠵᠠᠢ᠃ ᠠᠽᠢᠶ᠎ᠠ ᠶᠢᠨ ᠲᠷᠢᠶᠠᠲᠯᠤᠨ ᠤ ᠬᠣᠯᠪᠣᠭᠠᠨ ᠤ ᠺᠣᠩᠷᠧᠰ ᠵᠢᠷᠭᠤᠳᠤᠭᠠᠷ ᠰᠠᠷ᠎ᠠ ᠶᠢᠨ 19 ᠳᠦ ᠪᠦᠭᠦᠳᠡ ᠨᠠᠶᠢᠷᠠᠮᠳᠠᠬᠤ ᠰᠤᠯᠤᠩᠭᠤᠰ ᠤᠯᠤᠰ ᠲᠤ ᠬᠤᠷᠠᠯᠳᠤᠵᠤ᠂ ᠪ∙ᠴᠠᠭᠠᠨᠪᠠᠭᠠᠲᠤᠷ ᠲᠤᠰ ᠬᠣᠯᠪᠣᠭᠠᠨ ᠤ ᠲᠧᠭᠨᠢᠭ ᠦᠨ ᠬᠣᠷᠢᠶᠠᠨ ᠤ ᠭᠡᠰᠢᠭᠦᠨ ᠢᠶᠡᠷ ᠬᠤᠶᠠᠳᠠᠬᠢ ᠤᠳᠠᠭ᠎ᠠ ᠪᠠᠨ ᠰᠣᠩᠭᠣᠭᠳᠠᠭᠰᠠᠨ ᠪᠠᠶᠢᠨ᠎ᠠ᠃

ᠠᠽᠢᠶ᠎ᠠ ᠶᠢᠨ ᠲᠷᠢᠶᠠᠲᠯᠤᠨ ᠤ ᠬᠣᠯᠪᠣᠭᠠᠨ ᠤ ᠲᠧᠭᠨᠢᠭ ᠦᠨ ᠬᠣᠷᠢᠶ᠎ᠠ ᠨᠢ ᠠᠽᠢᠶ᠎ᠠ ᠲᠢᠪ ᠲᠦ ᠪᠣᠯᠬᠤ ᠲᠷᠢᠶᠠᠲᠯᠤᠨ᠂ ᠳ᠋ᠤᠸᠠᠲᠯᠤᠨ᠂ ᠠᠺᠤᠸᠠᠳ᠋ᠯᠤᠨ ᠤ ᠲᠡᠮᠡᠴᠡᠭᠡᠨ ᠦ ᠶᠠᠪᠤᠴᠠ ᠳᠤ ᠲᠧᠭᠨᠢᠭ ᠦᠨ ᠳᠦᠷᠢᠮ ᠢ ᠬᠡᠷᠡᠭᠵᠢᠭᠦᠯᠵᠦ᠂ ᠲᠡᠮᠡᠴᠡᠭᠡᠨ ᠦ ᠬᠤᠪᠢᠶᠠᠷᠢ ᠶᠢ ᠪᠠᠲᠤᠯᠠᠵᠤ᠂ ᠰᠢᠭᠦᠭᠴᠢᠳ ᠦᠨ ᠲᠤᠮᠢᠯᠠᠯᠭ᠎ᠠ ᠶᠢ ᠬᠠᠷᠢᠭᠤᠴᠠᠵᠤ ᠠᠵᠢᠯᠯᠠᠳᠠᠭ ᠪᠠᠶᠢᠨ᠎ᠠ᠃

ᠰᠡᠳᠬᠢᠭᠳᠡᠯ ᠦᠯᠡᠳᠡᠭᠡᠬᠦ